ᠨᠠᠶᠮᠠᠨ ᠬᠣᠰᠢᠭᠤᠨ ᠤ ᠬᠠᠮᠲᠤ ᠪᠠᠷ ᠰᠠᠭᠤᠵᠤ ᠬᠠᠮᠲᠤ ᠪᠠᠷ ᠪᠠᠶᠢᠭᠤᠯᠬᠤ ᠵᠢᠴᠢ ᠵᠡᠭᠡᠯᠢ ᠭᠤᠳᠤᠮᠵᠢ ᠨᠡᠶᠢᠭᠡᠮ ᠳᠣᠭᠣᠷᠢᠭ ‍ᠤᠨ ᠠᠵᠢᠯ ‍ᠤᠨ ᠬᠤᠷᠠᠯ ᠶᠠᠪᠣᠭᠳᠠᠭᠰᠠᠨ

ᠣᠩᠰᠢᠭᠰᠠᠨ ᠤᠳᠠᠭ᠎ᠠ ᠄ 1093     ᠨᠡᠶᠢᠳᠡᠯᠡᠭᠰᠡᠨ ᠴᠠᠭ ᠄ 2020/4/29 15:00:26

       4 ᠳ᠋ᠦ᠋ᠬᠡᠷ ᠰᠠᠷ᠎ᠠ ᠶ᠋ᠢᠨ 26 ‍ᠤ ᠡᠳᠦᠷ ᠂ ᠮᠠᠨ ᠤ ᠬᠣᠰᠢᠭᠤ ᠪᠥᠬᠥ ᠬᠣᠰᠢᠭᠤᠨ ᠤ ᠬᠠᠮᠲᠤ ᠪᠠᠷ ᠰᠠᠭᠤᠵᠤ ᠬᠠᠮᠲᠤ ᠪᠠᠷ ᠪᠠᠶᠢᠭᠤᠯᠬᠤ ᠵᠢᠴᠢ ᠵᠡᠭᠡᠯᠢ ᠭᠤᠳᠤᠮᠵᠢ ᠨᠡᠶᠢᠭᠡᠮ ᠲᠣᠭᠣᠷᠢᠭ ‍ᠤᠨ ᠠᠵᠢᠯ ‍ᠤᠨ ᠬᠤᠷᠠᠯ ᠬᠤᠷᠠᠯᠳᠤᠭᠤᠯᠵᠤ ᠂ ᠬᠣᠰᠢᠭᠤᠨ ‍ᠤ ᠤᠳᠤᠷᠢᠳᠤᠯᠭ᠎ᠠ ᠪᠦᠷᠢᠨ ᠂ ᠭᠦᠸᠧ ᠶᠦᠩ ᠂ ᠪᠣᠣ ᠯᠢᠶᠠᠨ ᠱᠠᠨ ᠬᠤᠷᠠᠯ ᠳ᠋ᠤ ᠰᠠᠭᠠᠳᠠᠭᠰᠠᠨ ᠪᠠᠶᠢᠨ᠎ᠠ ᠃

       ᠬᠤᠷᠠᠯ ᠡᠴᠠ 2019 ᠣᠨ ᠤ ᠬᠠᠮᠲᠤ ᠪᠠᠷ ᠰᠠᠭᠤᠵᠤ ᠬᠠᠮᠲᠤ ᠪᠠᠷ ᠪᠠᠶᠢᠭᠤᠯᠬᠤ ᠵᠢᠴᠢ ᠵᠡᠭᠡᠯᠢ ᠭᠤᠳᠤᠮᠵᠢ ᠨᠡᠶᠢᠭᠡᠮ ᠲᠣᠭᠣᠷᠢᠭ ‍ᠤᠨ ᠠᠵᠢᠯ ‍ᠢ ᠪᠥᠬᠥ ᠲᠠᠯ᠎ᠠ ᠪᠠᠷ ᠳ᠋ᠦᠩᠨᠡᠵᠦ ᠂ 2020 ᠣᠨ ᠤ ᠬᠠᠮᠲᠤ ᠪᠠᠷ ᠰᠠᠭᠤᠵᠤ ᠬᠠᠮᠲᠤ ᠪᠠᠷ ᠪᠠᠶᠢᠭᠤᠯᠬᠤ ᠪᠠ ᠵᠡᠭᠡᠯᠢ ᠭᠤᠳᠤᠮᠵᠢ ᠨᠡᠶᠢᠭᠡᠮ ᠲᠣᠭᠣᠷᠢᠭ ‍ᠤᠨ ᠠᠵᠢᠯ ᠳ᠋ᠤ ᠳᠣᠬᠢᠷᠠᠭᠣᠯᠣᠯᠳᠠ ᠬᠢᠬᠦ ᠶ᠋ᠢᠨ ᠬᠠᠮᠳᠣ ᠨᠡᠶᠢᠭᠡᠮ ᠵᠢᠷᠤᠮ ‍ᠤᠨ ᠭᠣᠤᠯᠯᠠᠬᠤ ᠥᠷᠲᠡᠭ ‍ᠦᠨ ᠦᠵᠡᠯᠲᠡ ᠶ᠋ᠢ ᠦᠶᠯᠡᠳᠦᠯᠭᠡᠵᠢᠭᠦᠯᠬᠦ 《 ᠰᠠᠭᠤᠭᠠᠯᠢ ᠠᠷᠠᠳ ‍ᠤᠨ ᠵᠠᠬᠢᠶᠠᠯᠠᠭ᠎ᠠ ᠶ᠋ᠢ ᠰᠠᠯᠠᠭ᠎ᠠ ᠮᠥᠴᠢᠷ ᠡᠴᠡ ᠳᠠᠭᠠᠭᠤᠯᠤᠨ ᠭᠦᠶᠴᠡᠳᠬᠡᠬᠦ 》 ᠪᠠᠷᠢᠮᠲᠠᠲᠤ ᠺᠢᠨᠣ᠋ ᠶ᠋ᠢ ᠰᠣᠨᠢᠷᠬᠠᠵᠠᠢ ᠃

       ᠪᠦᠷᠢᠨ ᠶᠠᠷᠢᠶ᠎ᠠ ᠲᠠᠯᠪᠢᠬᠤ ᠳ᠋ᠠᠭᠠᠨ ᠵᠢᠭᠠᠵᠣ ᠭᠠᠷᠭᠠᠭᠰᠠᠨ ᠨᠢ ᠂ ᠵᠡᠭᠡᠯᠢ ᠭᠤᠳᠤᠮᠵᠢ ᠨᠡᠶᠢᠭᠡᠮ ᠲᠣᠭᠣᠷᠢᠭ ‍ᠤᠨ ᠠᠵᠢᠯ ‍ᠢ ᠴᠢᠩᠭᠠᠳᠬᠠᠵᠤ ᠂ ᠨᠡᠶᠢᠭᠡᠮ ᠲᠣᠭᠣᠷᠢᠭ ‍ᠤᠨ ᠴᠢᠨᠠᠷ ᠰᠠᠶᠢᠲᠠᠶ ᠬᠥᠭᠵᠢᠯᠲᠡ ᠶ᠋ᠢ ᠠᠬᠢᠭᠤᠯᠬᠤ ᠪᠣᠯ ᠮᠠᠨ ‍ᠤ ᠬᠣᠰᠢᠭᠣᠨ ‍ᠤ ᠰᠢ ᠶ᠋ᠢᠨ ᠫᠢᠩ ᠶᠡᠷᠦᠩᠬᠡᠶ ᠱᠦᠵᠢ ᠶ᠋ᠢᠨ ᠬᠣᠲᠠ ᠬᠥᠳᠡᠭᠡ ᠶ᠋ᠢᠨ ᠨᠡᠶᠢᠭᠡᠮ ᠲᠣᠭᠣᠷᠢᠭ ‍ᠤᠨ ᠵᠠᠰᠠᠯᠲᠠ ᠶ᠋ᠢᠨ ᠳᠣᠬᠠᠢ ᠴᠣᠬᠣᠯᠠᠪᠤᠷᠢ ᠵᠢᠭᠠᠪᠤᠷᠢ ᠶ᠋ᠢᠨ ᠵᠣᠷᠢᠭ ᠰᠠᠨᠠᠭ᠎ᠠ ᠶ᠋ᠢ ᠭᠦᠨᠵᠡᠭᠡᠶ ᠳᠣᠭᠣᠰᠢᠯᠠᠭᠣᠯᠣᠨ ᠨᠠᠶᠢᠳᠠᠪᠤᠷᠢᠵᠢᠭᠤᠯᠵᠤ ᠂ ᠬᠥᠮᠦᠨ ‍ᠢᠶ᠋ᠡᠷ ᠦᠨᠳᠦᠰᠦ ᠪᠣᠯᠭᠠᠬᠤ ᠶ᠋ᠢ ᠪᠠᠷᠢᠮᠲᠠᠯᠠᠨ ᠂ ᠦᠨᠳᠦᠰᠦᠨ ᠱᠠᠲᠤᠨ ‍ᠤ ᠰᠠᠭᠤᠷᠢ ᠶ᠋ᠢ ᠪᠡᠬᠢᠵᠢᠭᠦᠯᠵᠦ ᠂ ᠨᠠᠮ ‍ᠤᠨ ᠲᠥᠷᠥ ᠪᠠᠷᠢᠬᠤ ᠰᠠᠭᠤᠷᠢ ᠶ᠋ᠢ ᠪᠡᠬᠢᠵᠢᠭᠦᠯᠬᠦ ᠱᠠᠭᠠᠷᠳᠠᠯᠭ᠎ᠠ ᠪᠠᠶᠢᠵᠣ ᠂ ᠮᠦᠨᠴᠦ ᠬᠣᠰᠢᠭᠤᠨ ‍ᠤ ᠨᠠᠮ ‍ᠤᠨ ᠬᠣᠷᠢᠶᠠᠨ ‍ᠤ ᠠᠷᠪᠠᠨ ᠬᠣᠶᠠᠳᠤᠭᠠᠷ ᠬᠤᠭᠤᠴᠠᠭᠠᠨ ‍ᠤ ᠠᠷᠪᠠᠳᠤᠭᠠᠷ ᠪᠥᠬᠥᠳᠡ ᠬᠤᠷᠠᠯ ᠵᠢᠴᠢ ᠪᠥᠬᠥ ᠬᠣᠰᠢᠭᠤᠨ ‍ᠤ ᠠᠵᠤ ᠠᠬᠤᠶ ᠶ᠋ᠢᠨ ᠠᠵᠢᠯ ‍ᠤᠨ ᠬᠣᠷᠠᠯ ᠤᠨ ᠵᠣᠷᠢᠭ ᠰᠠᠨᠠᠭ᠎ᠠ ᠶ᠋ᠢ ᠳᠣᠭᠣᠰᠢᠯᠠᠭᠣᠯᠣᠨ ᠨᠠᠶᠢᠳᠠᠪᠤᠷᠢᠵᠢᠭᠤᠯᠵᠤ ᠂ ᠬᠣᠰᠢᠭᠤᠨ ‍ᠤ ᠠᠷᠪᠠᠨ ᠳᠣᠯᠣᠳᠤᠭᠠᠷ ᠬᠤᠭᠤᠴᠠᠭᠠᠨ ‍ᠤ ᠠᠷᠠᠳ ‍ᠤᠨ ᠲᠥᠯᠥᠭᠡᠯᠡᠭᠴᠢᠳ ‍ᠦᠨ ᠶᠡᠬᠡ ᠬᠤᠷᠠᠯ ‍ᠤᠨ ᠳᠥᠷᠪᠡᠳᠦᠭᠡᠷ ᠬᠣᠷᠠᠯ ᠡᠴᠠ ᠠᠵᠢᠯ ‍ᠤᠨ ᠡᠭᠦᠷᠭᠡ ᠶ᠋ᠢ ᠲᠣᠭᠲᠠᠭᠠᠬᠤ ᠶ᠋ᠢ ᠰᠠᠶᠢᠲᠤᠷ ᠠᠳᠬᠤᠬᠤ ᠶ᠋ᠢᠨ ᠲᠥᠯᠥᠭᠡ ᠠᠪᠤᠭᠰᠠᠨ ᠪᠣᠳᠠᠲᠠᠶ ᠠᠷᠭ᠎ᠠ ᠬᠡᠮᠵᠢᠶ᠎ᠡ ᠪᠠᠶᠢᠵᠣ ᠂ ᠡᠨᠡ ᠨᠢ ᠬᠣᠰᠢᠭᠤᠨ ‍ᠤ ᠨᠠᠮ ‍ᠤᠨ ᠬᠣᠷᠢᠶ᠎ᠠ ᠂ ᠵᠠᠰᠠᠭ ‍ᠤᠨ ᠣᠷᠳᠣᠨ ‍ᠤ ᠨᠡᠶᠢᠭᠡᠮ ᠲᠣᠭᠣᠷᠢᠭ ‍ᠤᠨ ᠠᠵᠢᠯ ‍ᠢ ᠴᠢᠩᠭᠠᠳᠬᠠᠵᠤ ᠂ ᠨᠡᠶᠢᠭᠡᠮ ᠲᠣᠭᠣᠷᠢᠭ ‍ᠤᠨ ᠦᠶ᠋ᠯᠡᠴᠢᠯᠡᠭᠡ ᠶ᠋ᠢ ᠳᠡᠭᠡᠭᠰᠢᠯᠡᠭᠦᠯᠬᠦ ᠡᠷᠡᠰ ᠵᠣᠷᠢᠭ ‍ᠢ ᠬᠠᠷᠠᠭᠤᠯᠤᠭᠰᠠᠨ ᠪᠠᠶᠢᠨ᠎ᠠ ᠬᠡᠵᠡᠢ ᠃
       ᠪᠦᠷᠢᠨ ᠴᠢᠬᠤᠯᠠᠴᠢᠯᠠᠭᠰᠠᠨ ᠨᠢ ᠂ ᠪᠥᠬᠥ ᠬᠣᠰᠢᠭᠤᠨ ‍ᠤ ᠡᠯ᠎ᠡ ᠭᠠᠵᠠᠷ ᠡᠯ᠎ᠡ ᠰᠠᠯᠠᠭ᠎ᠠ ᠮᠥᠴᠢᠷ ᠦᠵᠡᠯ ᠰᠠᠨᠠᠭ᠎ᠠ ᠪᠠᠨ ᠨᠢᠭᠡᠳᠬᠡᠵᠦ ᠂ ᠨᠡᠶᠢᠭᠡᠮ ᠲᠣᠭᠣᠷᠢᠭ ‍ᠤᠨ ᠠᠵᠢᠯ ‍ᠢ ᠴᠢᠩᠭᠠᠳᠬᠠᠬᠤ ᠴᠢᠬᠤᠯᠠ ᠠᠴᠢ ᠬᠣᠯᠪᠣᠭᠳᠠᠯ ‍ᠢ ᠬᠦᠢᠴᠡᠳ ᠲᠠᠨᠢᠵᠤ ᠂ ᠳᠡᠭᠡᠳᠦ ᠬᠡᠮᠵᠢᠶᠡᠨ ‍ᠦ ᠤᠯᠤᠰ ᠲᠥᠷᠥ ᠶ᠋ᠢᠨ ᠬᠠᠷᠢᠭᠤᠴᠠᠯᠭᠠᠲᠤ ᠰᠡᠳᠬᠢᠯᠭᠡ ᠪᠠ ᠴᠢᠩᠭ᠎ᠠ ᠤᠯᠤᠰ ᠲᠥᠷᠥ ᠶ᠋ᠢᠨ ᠡᠭᠦᠷᠭᠡᠯᠡᠯ ‍ᠢᠶ᠋ᠡᠷ ᠬᠣᠲᠠ ᠬᠥᠳᠡᠭᠡ ᠶ᠋ᠢᠨ ᠨᠡᠶᠢᠭᠡᠮ ᠲᠣᠭᠣᠷᠢᠭ ‍ᠢ ᠵᠠᠰᠠᠬᠤ ᠠᠵᠢᠯ ‍ᠢ ᠠᠬᠢᠭᠤᠯᠬᠤ ᠬᠡᠷᠡᠭᠲᠡᠶ ᠃ ᠵᠡᠭᠡᠯᠢ ᠭᠤᠳᠤᠮᠵᠢ ᠨᠡᠶᠢᠭᠡᠮ ᠲᠣᠭᠣᠷᠢᠭ ‍ᠤᠨ ᠠᠵᠢᠯ ᠪᠣᠯ ᠠᠷᠠᠳ ‍ᠤᠨ ᠰᠡᠳᠬᠢᠯ ‍ᠦᠨ ᠢᠨᠵᠧᠨᠧᠷᠢᠩ ᠂ ᠠᠷᠠᠳ ‍ᠤᠨ ᠠᠮᠢᠳᠣᠷᠠᠯ ‍ᠤᠨ ᠢᠨᠵᠧᠨᠧᠷᠢᠩ ᠪᠣᠯᠬᠤ ᠪᠠᠷ ᠪᠠᠷᠠᠬᠤ ᠥᠬᠡᠶ ᠂ ᠪᠠᠰᠠ ᠴᠤ ᠦᠨᠳᠦᠰᠦᠨ ᠱᠠᠲᠤᠨ ‍ᠤ ᠰᠠᠭᠤᠷᠢ ᠶ᠋ᠢ ᠪᠠᠲᠤᠳᠬᠠᠨ ᠂ ᠨᠡᠶᠢᠭᠡᠮ ‍ᠦᠨ ᠬᠥᠭᠵᠢᠯᠲᠡ ᠳ᠋ᠦ ᠨᠡᠶᠢᠴᠡᠭᠦᠯᠵᠦ ᠂ ᠠᠷᠠᠳ ‍ᠤᠨ ᠠᠮᠢᠳᠤᠷᠠᠯ ‍ᠢ ᠪᠠᠲᠤᠯᠠᠨ ᠰᠠᠶᠢᠵᠢᠷᠠᠭᠤᠯᠵᠤ ᠂ ᠨᠡᠶᠢᠬᠡᠮ ‍ᠦᠨ ᠲᠣᠭᠲᠠᠭᠤᠨ ‍ᠢ ᠬᠠᠮᠠᠭᠠᠯᠠᠬᠤ ᠶ᠋ᠢ ᠪᠠᠳᠣᠯᠠᠬᠣ ᠵᠠᠶᠢᠯᠠᠰᠢ ᠥᠬᠡᠶ ᠱᠠᠭᠠᠷᠳᠠᠯᠭ᠎ᠠ ᠪᠠᠶᠢᠵᠣ ᠂ ᠵᠡᠭᠡᠯᠢ ᠭᠤᠳᠤᠮᠵᠢ ᠨᠡᠶᠢᠭᠡᠮ ᠲᠣᠭᠣᠷᠢᠭ ‍ᠢ ᠡᠷᠲᠡᠬᠡᠨ ᠰᠠᠭᠤᠭᠠᠯᠢ ᠠᠷᠠᠳ ‍ᠤᠨ ᠠᠮᠤᠷ ᠲᠠᠶᠢᠪᠤᠩ ᠠᠵᠤ ᠲᠦᠷᠦᠭᠦ ᠬᠡᠷ ᠣᠷᠣᠨ ᠪᠣᠯᠭᠠᠨ ᠪᠥᠲᠥᠭᠡᠨ ᠪᠠᠶᠢᠭᠤᠯᠵᠤ ᠂ ᠮᠠᠨ ‍ᠤ ᠬᠣᠰᠢᠭᠤᠨ ‍ᠤ ᠠᠵᠤ ᠠᠬᠤᠶ ᠨᠡᠶᠢᠭᠡᠮ ‍ᠦᠨ ᠴᠢᠨᠠᠷ ᠰᠠᠶᠢᠲᠠᠶ ᠬᠦᠭᠵᠢᠯᠳᠡ ᠳ᠋ᠦ ᠨᠠᠩ ᠶᠡᠬᠡ ᠦᠶᠯᠡᠳᠦᠯ ᠦᠵᠡᠬᠦᠯᠬᠦ ᠬᠡᠷᠡᠭᠲᠡᠶ ᠃ ᠠᠵᠢᠯ ‍ᠤᠨ ᠭᠣᠤᠯᠳᠠᠯᠭ᠎ᠠ ᠪᠠᠨ ᠲᠣᠳᠣᠷᠬᠠᠶᠢᠯᠠᠵᠤ ᠂ ᠨᠡᠶᠢᠭᠡᠮ ᠲᠣᠭᠣᠷᠢᠭ ‍ᠤᠨ ᠪᠠᠶᠢᠭᠤᠯᠤᠯᠲᠠ ᠶ᠋ᠢᠨ ᠭᠣᠤᠯᠳᠠᠯᠭ᠎ᠠ ᠲᠠᠢ ᠡᠭᠦᠷᠭᠡ ᠶ᠋ᠢ ᠪᠥᠬᠥ ᠬᠦᠴᠦᠨ ‍ᠢᠶ᠋ᠡᠷ ‍ᠢᠶ᠋ᠡᠨ ᠰᠠᠶᠢᠲᠤᠷ ᠠᠳᠬᠤᠵᠤ ᠂ ᠵᠡᠭᠡᠯᠢ ᠭᠤᠳᠤᠮᠵᠢ ᠨᠡᠶᠢᠭᠡᠮ ᠲᠣᠭᠣᠷᠢᠭ ᠤᠨ ᠪᠠᠶᠢᠭᠤᠯᠤᠯᠲᠠ ᠶ᠋ᠢᠨ ᠠᠵᠢᠯ ‍ᠢ ᠲᠠᠰᠤᠷᠠᠯᠲᠠ ᠥᠬᠡᠶ ᠴᠢᠩᠭᠠᠳᠬᠠᠨ ᠲᠡᠭᠦᠯᠳᠡᠷᠵᠢᠭᠦᠯᠵᠦ ᠂ ᠤᠯᠤᠰ ᠲᠥᠷᠥ ᠦᠵᠡᠯ ᠰᠠᠨᠠᠭ᠎ᠠ ᠰᠠᠶᠢᠨ ᠂ ᠠᠵᠢᠯ ‍ᠤᠨ ᠴᠢᠳᠠᠪᠤᠷᠢ ᠴᠢᠩᠭ᠎ᠠ ᠂ ᠨᠡᠶᠢᠭᠡᠮ ᠲᠣᠭᠣᠷᠢᠭ ‍ᠤᠨ ᠠᠵᠢᠯ ᠳ᠋ᠤ ᠬᠠᠶᠢᠷᠠᠲᠠᠶ ᠥᠨᠳᠥᠷ ᠬᠡᠪ ᠴᠢᠨᠠᠷ ᠲᠠᠢ ᠨᠡᠶᠢᠭᠡᠮ ᠲᠣᠭᠣᠷᠢᠭ ‍ᠤᠨ ᠺᠠᠳ᠋ᠷ ‍ᠤᠨ ᠡᠩᠨᠡᠭᠡ ᠶ᠋ᠢ ᠪᠠᠶᠢᠭᠤᠯᠬᠤ ᠬᠡᠷᠡᠭᠲᠡᠶ ᠃ ᠣᠯᠠᠨ ᠲᠦᠮᠡᠨ ᠳ᠋ᠦ ᠦᠶᠯᠡᠴᠢᠯᠡᠬᠦ ᠪᠡᠷ ᠭᠣᠤᠯ ᠪᠣᠯᠭᠠᠵᠤ ᠂ ᠬᠠᠮᠢᠶ᠎ᠠ ᠪᠦᠬᠦᠢ ᠰᠠᠯᠠᠭ᠎ᠠ ᠮᠥᠴᠢᠷ ᠲᠡᠶ ᠢᠳᠡᠪᠬᠢᠳᠡᠢ ᠬᠠᠮᠵᠢᠯᠴᠠᠨ ᠂ ᠡᠯ᠎ᠡ ᠵᠦᠶᠯ ‍ᠦᠨ ᠠᠵᠢᠯ ‍ᠤᠨ ᠡᠭᠦᠷᠭᠡ ᠶ᠋ᠢ ᠨᠠᠶᠢᠳᠠᠪᠤᠷᠢᠵᠢᠭᠤᠯᠤᠨ ᠨᠠᠷᠢᠯᠢᠭᠵᠢᠭᠤᠯᠵᠤ ᠂ ᠨᠡᠶᠢᠭᠡᠮ ᠲᠣᠭᠣᠷᠢᠭ ‍ᠤᠨ ᠦᠶᠯᠡᠴᠢᠯᠡᠭᠡᠨ ‍ᠦ ᠠᠵᠢᠯ ‍ᠤᠨ ᠶᠠᠰᠤ ᠴᠢᠨᠠᠷ ᠢ ᠴᠢᠷᠮᠠᠶᠢᠨ ᠳᠡᠭᠡᠭᠰᠢᠯᠡᠭᠦᠯᠬᠦ ᠬᠡᠷᠡᠭᠲᠡᠶ ᠬᠡᠵᠡᠢ ᠃
       ᠪᠦᠷᠢᠨ ᠱᠠᠭᠠᠷᠳᠠᠭᠰᠠᠨ ᠨᠢ ᠂ 《 ᠰᠠᠭᠤᠭᠠᠯᠢ ᠠᠷᠠᠳ ‍ᠤᠨ ᠵᠠᠬᠢᠶᠠᠯᠠᠭ᠎ᠠ ᠶ᠋ᠢ ᠰᠠᠯᠠᠭ᠎ᠠ ᠮᠥᠴᠢᠷ ᠳᠠᠭᠠᠭᠤᠯᠤᠨ ᠬᠦᠢᠴᠡᠳᠬᠡᠬᠦ 》 ᠠᠵᠢᠯᠯᠠᠭ᠎ᠠ ᠶ᠋ᠢ ᠦᠷᠭᠦᠯᠵᠢᠯᠡᠨ ᠥᠷᠨᠢᠭᠦᠯᠵᠦ ᠂ ᠣᠯᠠᠨ ᠲᠦᠮᠡᠨ ‍ᠦ ᠵᠦᠶ ᠵᠣᠬᠢᠰᠲᠠᠶ ᠬᠦᠰᠡᠯ ᠱᠠᠭᠠᠷᠳᠠᠯᠭ᠎ᠠ ᠶ᠋ᠢ ᠴᠠᠭ ᠲᠤᠬᠠᠶ ᠳ᠋ᠤᠨᠢ ᠪᠦᠲᠦᠮᠵᠢᠲᠡᠶ ᠰᠢᠶᠳᠪᠦᠷᠢᠯᠡᠬᠦ ᠬᠡᠷᠡᠭᠲᠡᠶ ᠃ ᠨᠢᠭᠡ ᠳ᠋ᠦ ᠂ ᠨᠡᠶᠢᠭᠡᠮ ᠲᠣᠭᠣᠷᠢᠭ ‍ᠤᠨ ᠬᠥᠭᠥᠷᠭᠡ ᠬᠣᠯᠪᠣᠭᠠᠰᠤ ᠶ᠋ᠢᠨ ᠦᠶᠯᠡᠳᠦᠯ ‍ᠢᠶ᠋ᠡᠨ ᠭᠦᠶᠴᠡᠳ ᠪᠠᠳᠠᠷᠠᠭᠤᠯᠵᠤ ᠂ ᠣᠯᠠᠨ ᠲᠦᠮᠡᠨ ‍ᠦ ᠰᠠᠨᠠᠯ ᠰᠠᠨᠠᠭᠤᠯᠭ᠎ᠠ ᠶ᠋ᠢ ᠬᠢᠨᠠᠮᠠᠭᠠᠶ ᠴᠤᠭᠯᠠᠭᠤᠯᠤᠨ ᠡᠮᠬᠢᠳᠬᠡᠵᠦ ᠂ ᠠᠵᠢᠯ ᠶᠠᠪᠤᠳᠠᠯ ‍ᠤᠨ ᠡᠷᠬᠡ ᠂ ᠬᠦᠴᠢᠷ ᠬᠢᠯᠪᠠᠷ ‍ᠤᠨ ᠬᠡᠮᠵᠢᠶ᠎ᠡ ᠶᠣᠰᠣᠭᠠᠷ ᠂ ᠲᠥᠷᠥᠯ ᠬᠤᠪᠢᠶᠠᠨ ᠬᠤᠷᠢᠶᠠᠩᠭᠤᠶᠢᠯᠠᠵᠤ ᠂ ᠲᠣᠳᠣᠷᠬᠠᠶ ᠬᠠᠭᠣᠳᠠᠰᠣ ᠪᠠᠶᠢᠭᠤᠯᠬᠤ ᠬᠡᠷᠡᠭᠲᠡᠶ ᠃ ᠬᠣᠶᠠᠷ ᠲᠤ ᠂ ᠵᠡᠭᠡᠯᠢ ᠭᠤᠳᠤᠮᠵᠢ ᠰᠠᠨᠠᠭᠠᠴᠢᠯᠠᠭ᠎ᠠ ᠡᠴᠠ ᠪᠠᠨ ᠠᠵᠢᠯᠯᠠᠵᠤ ᠂ ᠶᠡᠷᠦᠩᠬᠡᠶᠢᠯᠡᠨ ᠵᠣᠬᠢᠴᠠᠭᠤᠯᠬᠤ ᠦᠢᠯᠡᠳᠦᠯ ‍ᠢ ᠪᠠᠳᠠᠷᠠᠭᠤᠯᠵᠤ ᠂ ᠬᠣᠯᠪᠣᠭᠠᠳᠣ ᠬᠤᠷᠠᠯ ‍ᠤᠨ ᠳᠦᠷᠢᠮ ‍ᠢ ᠪᠠᠶᠢᠭᠣᠯᠣᠨ ᠂ ᠲᠣᠭᠲᠠᠮᠠᠯ ᠬᠤᠭᠤᠴᠠᠭ᠎ᠠ ᠲᠠᠶ ᠪᠠᠷ ᠠᠰᠠᠭᠣᠳᠠᠯ ‍ᠢ ᠰᠢᠢᠳᠪᠦᠷᠢᠯᠡᠬᠦ ᠠᠬᠢᠴᠠ ᠶ᠋ᠢ ᠬᠤᠷᠢᠶᠠᠩᠭᠤᠶᠢᠯᠠᠵᠤ ᠂ ᠠᠵᠢᠯ ‍ᠤᠨ ᠨᠠᠶᠢᠳᠠᠪᠤᠷᠢᠵᠢᠭᠤᠯᠤᠯᠲᠠ ᠳ᠋ᠤ ᠣᠷᠣᠰᠢᠵᠤ ᠪᠠᠶᠢᠭ᠎ᠠ ᠬᠦᠴᠢᠷᠳᠡᠯ ᠪᠣᠯᠤᠨ ᠠᠰᠠᠭᠤᠳᠠᠯ ‍ᠢ ᠤᠢᠯᠠᠭᠠᠨ ᠵᠢᠭᠰᠠᠭᠠᠵᠤ ᠂ ᠬᠠᠷᠢᠭᠤᠴᠠᠯᠭ᠎ᠠ ᠶ᠋ᠢ ᠱᠠᠳᠤ ᠳᠠᠷᠠᠭᠠᠯᠠᠨ ᠪᠣᠳᠠᠲᠠᠶᠢᠵᠢᠭᠤᠯᠵᠤ ᠂ ᠠᠵᠢᠯ ‍ᠤᠨ ᠠᠷᠭ᠎ᠠ ᠬᠡᠮᠵᠢᠶ᠎ᠡ ᠪᠡᠨ ᠳᠡᠬᠦᠯᠳᠡᠷᠵᠢᠬᠦᠯᠦᠨ ᠂ ᠠᠵᠢᠯ ‍ᠤᠨ ᠨᠠᠶᠢᠳᠠᠪᠣᠷᠢᠵᠢᠭᠣᠯᠣᠯᠳᠠ ᠶ᠋ᠢ ᠠᠬᠢᠭᠣᠯᠬᠣ ᠬᠡᠷᠡᠭᠲᠡᠢ ᠃ ᠭᠤᠷᠪᠠ ᠳ᠋ᠤ ᠂ ᠡᠭᠦᠷᠭᠡ ᠴᠢᠳᠠᠪᠤᠷᠢᠲᠤ ᠰᠠᠯᠠᠭ᠎ᠠ ᠮᠥᠴᠢᠷ ᠰᠠᠨᠠᠭᠠᠴᠢᠯᠠᠭ᠎ᠠ ᠡᠴᠠ ᠪᠠᠨ ᠠᠰᠠᠭᠤᠳᠠᠯ ‍ᠢ ᠲᠠᠨᠢᠵᠤ ᠂ ᠲᠥᠷᠥᠯ ᠵᠦᠶᠯ ᠨᠢᠭᠡᠪᠦᠷᠢ ᠳ᠋ᠦ ᠦᠨᠡᠨᠬᠦ ᠵᠣᠬᠢᠰᠳᠠᠢ ᠰᠢᠶᠳᠪᠦᠷᠢᠯᠡᠬᠦ ᠠᠷᠭ᠎ᠠ ᠬᠡᠮᠵᠢᠶ᠎ᠡ ᠳᠤᠷᠠᠳᠴᠤ ᠂ ᠲᠣᠰ ᠪᠡᠶ᠎ᠡ ᠶ᠋ᠢᠨ ᠡᠬᠢ ᠪᠠᠶᠠᠯᠢᠭ ᠂ ᠲᠥᠷᠥ ᠶ᠋ᠢᠨ ᠪᠣᠳᠣᠯᠭ᠎ᠠ ᠂ ᠪᠡᠯᠡ ᠮᠥᠩᠭᠥ ᠶ᠋ᠢᠨ ᠳᠠᠪᠠᠭᠤᠯᠢᠭ ᠢᠶᠡᠨ ᠪᠠᠳᠠᠷᠠᠭᠣᠯᠵᠣ ᠂ ᠪᠣᠳᠠᠲᠠᠶ ᠬᠦᠴᠢᠷᠳᠡᠯ ‍ᠢ ᠰᠠᠨᠠᠭᠠᠴᠢᠯᠠᠭ᠎ᠠ ᠡᠴᠠ ᠪᠠᠨ ᠬᠠᠪᠰᠤᠷᠤᠨ ᠰᠢᠶ᠋ᠳᠪᠦᠷᠢᠯᠡᠵᠦ ᠂ ᠬᠠᠮᠲᠤᠪᠠᠷ ᠰᠠᠭᠤᠵᠤ ᠬᠠᠮᠲᠤᠪᠠᠷ ᠪᠠᠶᠢᠭᠤᠯᠬᠤ ᠠᠵᠢᠯ ‍ᠢ ᠰᠠᠶᠢᠲᠤᠷ ᠥᠷᠨᠢᠭᠦᠯᠬᠦ ᠬᠡᠷᠡᠭᠲᠡᠶ ᠬᠡᠰᠡᠨ ᠪᠠᠶᠢᠨ᠎ᠠ ᠃
ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ