ᠳᠡᠮᠴᠢᠭ ᠄ ᠰᠠᠨᠠᠭᠠᠴᠢᠯᠠᠭ᠎ᠠ ᠡᠴᠠ ᠪᠠᠨ ᠲᠣᠣᠷ᠎ᠠ ᠪᠠᠳᠣᠯᠭᠠᠳᠣ ᠡᠷᠦᠭᠡ ᠡᠴᠠ ᠭᠠᠷᠬᠤ ᠪᠠᠷ ᠭᠣᠶᠣᠴᠢᠯᠠᠭᠰᠠᠨ

ᠣᠩᠰᠢᠭᠰᠠᠨ ᠤᠳᠠᠭ᠎ᠠ ᠄ 1108     ᠨᠡᠶᠢᠳᠡᠯᠡᠭᠰᠡᠨ ᠴᠠᠭ ᠄ 2020/4/26 14:57:15

      ᠮᠠᠨ ᠤ ᠬᠣᠰᠢᠭᠤᠨ ‍ᠤ ᠭᠣᠷᠪᠠᠨᠬᠣᠸᠠ ᠰᠤᠮᠤ ᠶ᠋ᠢᠨ ᠴᠠᠭᠠᠨᠨᠠᠭᠤᠷ ᠭᠠᠴᠠᠭ᠎ᠠ ᠶ᠋ᠢᠨ ᠺᠠᠷᠲ ᠵᠣᠬᠢᠶᠠᠨ ᠲᠠᠩᠰᠠᠯᠠᠭᠰᠠᠨ ᠡᠷᠦᠭᠡ ᠳᠡᠮᠴᠢᠭ ᠤᠨᠢᠨ ᠳᠡᠭᠡᠷ᠎ᠡ ᠨᠢ ᠶᠠᠳᠠᠭᠤ ᠶ᠋ᠢ ᠲᠡᠳᠬᠦᠬᠦ ᠲᠥᠷᠦ ᠶ᠋ᠢᠨ ᠪᠣᠳᠣᠯᠭ᠎ᠠ ᠶ᠋ᠢᠨ ᠬᠠᠪᠰᠣᠷᠣᠯᠭ᠎ᠠ ᠳᠣᠣᠷ᠎ᠠ ᠂ ᠥᠪᠡᠷ ‍ᠦᠨ ᠴᠢᠷᠮᠠᠶᠢᠯᠭ᠎ᠠ ᠪᠠᠷ ᠢᠶᠡᠨ ᠳᠠᠮᠵᠢᠨ ᠲᠣᠣᠷ᠎ᠠ ᠪᠠᠳᠣᠯᠭᠠᠳᠣ ᠡᠷᠦᠭᠡ ᠡᠴᠠ ᠭᠠᠷᠬᠤ ᠪᠠᠷ ᠲᠣᠭᠲᠠᠪᠠ ᠃

       ᠣᠶᠢᠷ᠎ᠠ ᠳ᠋ᠤ ᠂ ᠰᠤᠷᠪᠤᠯᠵᠢᠯᠠᠭᠴᠢ ᠴᠠᠭᠠᠨᠨᠠᠭᠤᠷ ᠭᠠᠴᠠᠭᠠᠨ ᠤ ᠳᠡᠮᠴᠢᠭ ‍ᠤᠨ ᠬᠡᠷ ᠲᠦ ᠬᠦᠷᠭᠦ ᠳ᠋ᠥ ᠂ ᠲᠡᠷᠡ ᠡᠭᠡᠨᠡᠷ ᠲᠠᠢ ᠪᠠᠨ ᠬᠣᠶᠠᠭᠣᠯᠠ ᠣᠭᠳᠣᠨ ᠠᠪᠣᠭᠰᠠᠨ ᠪᠠᠶᠢᠨ᠎ᠠ ᠃ ᠭᠡᠭᠡᠨ ᠰᠠᠷᠠᠭᠣᠯ ᠲᠣᠮᠣ ᠸᠭᠠᠷ ᠤᠨ ᠪᠠᠶᠢᠰᠢᠩ ᠬᠠᠷᠠᠭᠠᠨ ᠳ᠋ᠥ ᠣᠷᠣᠵᠣ ᠂  ᠬᠦᠷᠢᠶ᠎ᠡ ᠬᠠᠰᠢᠶ᠎ᠠ ᠲᠣᠮᠣ ᠪᠢᠰᠢ ᠬᠡᠳᠡᠯ᠎ᠡ ᠡᠮᠬᠢ ᠴᠡᠭᠴᠡ ᠲᠠᠢ ᠂ ᠴᠡᠪᠡᠷ ᠴᠡᠮᠴᠡᠭᠡᠷ ᠪᠠᠶᠢᠵᠣ ᠂ ᠬᠠᠷᠠᠬᠣ ᠳ᠋ᠥ ᠠᠵᠢᠯᠴᠢ ᠬᠥᠳᠡᠯᠮᠦᠷᠢᠴᠢ ᠂ ᠠᠷᠢᠭᠣᠨ ᠴᠡᠪᠡᠷ ᠲᠦᠷᠦᠭᠳᠡᠯ ᠦᠭᠭᠦᠨ᠎ᠡ ᠃

      ᠳᠡᠮᠴᠢᠭ ‍ᠦᠨ ᠡᠬᠡᠨᠡᠷ 10 ᠭᠠᠷᠤᠢ ᠵᠢᠯ ‍ᠦᠨ ᠡᠮᠦᠨ᠎ᠡ ᠨᠢᠷᠤᠭᠤᠨ ‍ᠤ ᠬᠣᠭᠣᠷᠣᠨᠳᠣᠬᠢ ᠲᠠᠪᠠᠭ ᠭᠦᠳᠦᠶᠢᠬᠦ ᠡᠪᠡᠳᠴᠢᠨ ᠳ᠋ᠥ ᠨᠡᠷᠪᠡᠭᠳᠡᠵᠦ ᠂ 2018 ᠣᠨ ᠳ᠋ᠤ ᠡᠪᠡᠳᠴᠢᠨ ‍ᠦ ᠪᠠᠶᠢᠳᠠᠯ ᠬᠦᠨᠳᠦᠷᠡᠭᠰᠡᠨ ᠡᠴᠠ ᠲᠠᠮᠪᠠᠷᠠᠭᠰᠠᠨ ᠪᠣᠯᠪᠠᠴᠤ ᠳᠡᠮᠴᠢᠭ ‍ᠦᠨ ᠨᠠᠷᠢᠨ ᠨᠢᠮᠪᠠᠢ ᠠᠷᠠᠴᠢᠯᠠᠭ᠎ᠠ ᠳᠣᠣᠷ᠎ᠠ ᠂ ᠡᠪᠡᠳᠴᠢᠨ ‍ᠦ ᠪᠠᠶᠢᠳᠠᠯ ᠨᠢ ᠨᠡᠯᠢᠶᠡᠳ ᠰᠠᠶᠢᠵᠢᠷᠠᠭᠰᠠᠨ ᠪᠠᠶᠢᠨ᠎ᠠ ᠃ ᠡᠬᠡᠨᠡᠷ ᠨᠢ ᠡᠪᠡᠳᠴᠢᠯᠡᠭᠰᠡᠨ ᠡᠴᠡ ᠪᠣᠯᠵᠤ ᠳᠡᠮᠴᠢᠭ ᠭᠡᠷ ‍ᠦᠨ ᠭᠠᠳᠠᠨ᠎ᠠ ᠲᠣᠳᠣᠨᠠᠬᠢ ᠪᠦᠬᠦ ᠠᠵᠢᠯ ‍ᠢ ᠡᠭᠦᠷᠭᠡᠯᠡᠨ ᠂ ᠰᠤᠯᠠ ᠰᠡᠯᠡᠭᠦᠦ ᠴᠠᠭ ᠲᠣ ᠪᠠᠨ ᠪᠠᠰᠠ ᠪᠠᠯᠭᠠᠰᠤᠨ ᠳ᠋ᠤ ᠣᠴᠢᠵᠤ ᠬᠦᠯᠦᠰᠦᠨ ᠠᠵᠢᠯ ᠬᠢᠵᠣ ᠂ ᠠᠮᠢᠳᠣᠷᠠᠯ ᠢᠶᠡᠨ ᠠᠷᠭᠠᠴᠠᠳᠠᠭ ᠃ ᠲᠡᠭᠦᠨ ‍ᠦ ᠬᠠᠮᠤᠭ ᠤᠨ ᠬᠦᠴᠢᠷᠳᠡᠯ ᠲᠠᠢ ᠦᠶ᠎ᠡ ᠪᠣᠯ ᠡᠮᠦᠨ᠎ᠡ ᠬᠡᠳᠦᠨ ᠵᠢᠯ ᠬᠡᠦᠬᠡᠨ ‍ᠦ ᠬᠢᠨ ᠰᠤᠷᠤᠯᠭ᠎ᠠ ᠶ᠋ᠢᠨ ᠰᠦᠢᠳᠬᠡᠯ ᠪᠠ ᠠᠮᠢᠳᠤᠷᠠᠯ ‍ᠤᠨ ᠵᠠᠷᠤᠳᠠᠯ ᠪᠠᠶᠢᠵᠣ ᠂ ᠣᠳᠣᠬᠠᠨ ᠬᠡᠦᠬᠡᠨ ᠨᠢ ᠨᠢᠭᠡᠨᠳᠡ ᠶᠡᠭᠡ ᠰᠣᠷᠭᠠᠭᠣᠯᠢ ᠪᠠᠨ ᠲᠡᠭᠦᠰᠴᠣ ᠠᠮᠢᠳᠣᠷᠠᠯ ‍ᠤᠨ ᠲᠠᠷᠣᠭᠠᠰᠣ ᠴᠦ ᠬᠦᠭᠭᠡᠷᠡᠭᠰᠡᠨ ᠪᠠᠶᠢᠨ᠎ᠠ ᠃

      ᠡᠷᠡᠭᠦᠯ ᠮᠡᠨᠳᠦ ᠪᠡᠷ ᠶᠠᠳᠠᠭᠤ ᠶ᠋ᠢ ᠲᠡᠳᠬᠦᠬᠦ ᠲᠥᠷᠥ ᠶ᠋ᠢᠨ ᠪᠣᠳᠣᠯᠭ᠎ᠠ ᠪᠡᠷ ᠲᠠᠮᠵᠢᠨ ᠳᠡᠮᠴᠢᠭ ᠤᠨ ᠡᠬᠡᠨᠡᠷ ᠤᠷᠵᠢᠨᠤᠨ ᠵᠢᠯ ᠮᠡᠰᠡ ᠵᠠᠰᠠᠯ ᠬᠢᠵᠣ 7 ᠲᠦᠮᠡᠨ ᠲᠥᠭᠥᠷᠢᠭ ᠤᠨ ᠡᠮᠴᠢᠯᠡᠬᠡᠨ ᠤ ᠵᠠᠷᠣᠳᠠᠯ ‍ᠤᠨ 6.3 ᠲᠦᠮᠡᠨ ᠲᠥᠭᠥᠷᠢᠭ ‍ᠢ ᠨᠢ ᠬᠦᠩᠭᠡᠷᠡᠭᠦᠯᠦᠨ ᠂ ᠮᠦᠨᠴᠦ ᠬᠣᠰᠢᠭᠤᠨ ‍ᠤ ᠶᠠᠳᠠᠭᠣ ᠶ᠋ᠢ ᠲᠡᠳᠬᠦᠬᠦ ᠬᠦᠨᠳᠦ ᠡᠪᠡᠳᠴᠢᠨ ‍ᠦ 4000 ᠲᠥᠭᠥᠷᠢᠭ ᠤᠨ ᠨᠦᠭᠦᠪᠦᠷᠢ ᠮᠦᠩᠬᠦ ᠬᠦᠷᠳᠡᠵᠦ ᠂ ᠡᠴᠦᠰ ᠲᠣ ᠪᠠᠨ ᠦᠪᠡᠷ ᠢᠶᠡᠨ ᠵᠥᠪᠬᠡᠨ 3000 ᠲᠥᠭᠥᠷᠢᠭ ᠵᠠᠷᠤᠴᠠᠭᠤᠯᠵᠠᠶ ᠃

     ᠡᠳᠦᠭᠡ ᠂ ᠳᠡᠮᠴᠢᠭ ᠭᠡᠷ ‍ᠢᠶ᠋ᠡᠷ ‍ᠢᠶ᠋ᠡᠨ ᠨᠢᠭᠡ ᠵᠢᠯ ᠳ᠋ᠦ ᠲᠣᠣᠷ᠎ᠠ ᠪᠠᠳᠣᠯᠭᠠᠳᠣ ᠡᠷᠦᠭᠡ ᠶ᠋ᠢᠨ 9750 ᠲᠦᠭᠦᠷᠢᠭ ᠬᠦᠷᠳᠡᠵᠣ ᠂ ᠡᠨᠡ ᠵᠢᠯ ᠪᠠᠰᠠ ᠨᠢᠭᠡ ᠦᠬᠡᠷ ᠂ 60 ᠬᠤᠷᠠᠭ᠎ᠠ ᠬᠣᠳᠠᠯᠳᠣᠨ ᠂ 5.7 ᠲᠦᠮᠡᠨ ᠲᠥᠭᠥᠷᠢᠭ ‍ᠤᠨ ᠣᠷᠣᠯᠭ᠎ᠠ ᠣᠯᠵᠤ ᠂ ᠲᠣᠰᠬᠣᠨ ‍ᠤ ᠨᠡᠶᠢᠲᠡ ᠶ᠋ᠢᠨ ᠠᠰᠠᠷᠠᠮᠵᠢ ᠶ᠋ᠢᠨ ᠴᠢᠨᠠᠷᠲᠠᠢ ᠠᠵᠢᠯ ‍ᠤᠨ ᠪᠠᠶᠢᠷᠢ ᠡᠴᠡ 8760 ᠲᠥᠭᠥᠷᠢᠭ ᠥᠭᠴᠦ ᠂ ᠤᠢ ᠰᠢᠭᠤᠶ ᠶ᠋ᠢᠨ ᠬᠠᠮᠠᠭᠠᠯᠠᠭᠴᠢ ᠶ᠋ᠢᠨ ᠴᠠᠯᠢᠩ 1 ᠲᠦᠮᠡᠨ ᠲᠥᠭᠥᠷᠢᠭ ᠢᠶᠡᠨ ᠨᠡᠮᠡᠪᠡᠯ ᠪᠠᠭ᠎ᠠ ᠪᠣᠰᠣ ᠣᠷᠣᠯᠭ᠎ᠠ ᠲᠠᠢ ᠪᠣᠯᠣᠭᠰᠠᠨ ᠪᠠᠶᠢᠨ᠎ᠠ ᠃  《 ᠤᠯᠤᠰ ᠡᠴᠠ ᠦᠬᠡᠷ ᠬᠣᠨᠢ ᠥᠭᠭᠦᠭᠰᠡᠨ ᠡᠴᠡ ᠣᠷᠣᠯᠭ᠎ᠠ ᠨᠡᠯᠢᠶᠡᠳ ᠰᠠᠶᠢᠨ ᠪᠠᠶᠢᠵᠣ ᠂ ᠵᠢᠭᠡᠯᠡᠯᠭᠡ ᠪᠡᠷ ᠬᠣᠨᠢ ᠬᠤᠳᠠᠯᠳᠤᠨ ᠠᠪᠤᠭᠰᠠᠨ ᠪᠥᠭᠡᠳ ᠬᠥᠭᠵᠢᠯᠲᠡ ᠨᠢ ᠴᠦ ᠶᠡᠬᠡ ᠰᠠᠶᠢᠨ ᠂ ᠡᠶᠢᠮᠣ ᠡᠴᠡ ᠲᠣᠰᠬᠣᠨ ‍ᠤ ᠠᠷᠠᠳ ‍ᠤᠨ ᠵᠥᠪᠯᠡᠯ ᠡᠴᠡ ᠲᠣᠣᠷ᠎ᠠ ᠪᠠᠳᠣᠯᠭᠠᠳᠣ ᠡᠷᠦᠬᠡ ᠡᠴᠡ ᠭᠠᠷᠬᠤ ᠪᠠᠷ ᠭᠣᠶᠣᠴᠢᠯᠠᠭᠰᠠᠨ ᠪᠠᠶᠢᠨ᠎ᠠ 》 ᠭᠡᠵᠣ ᠲᠡᠮᠴᠢᠭ ᠶᠠᠷᠢᠵᠣ ᠪᠠᠶᠢᠯ᠎ᠠ ᠃

      ᠶᠠᠳᠠᠭᠤ ᠬᠦᠴᠢᠷᠳᠡᠯ ᠡᠴᠡ ᠠᠩᠭᠢᠵᠢᠷᠠᠬᠣ ᠳ᠋ᠥ ᠂ ᠲᠠᠳᠠ ᠵᠦᠪᠬᠡᠨ ᠬᠦᠯᠢᠶᠡᠵᠣ ᠲᠦᠰᠢᠬᠦ ᠪᠢᠰᠢ ᠂ ᠲᠣᠣᠷ᠎ᠠ ᠪᠠᠳᠣᠯᠭᠠᠳᠣ ᠡᠷᠦᠬᠡ ᠡᠴᠡ ᠭᠠᠷᠬᠤ ᠭᠤᠶᠤᠴᠢᠯᠠᠯ ᠡᠴᠡ ᠶᠠᠳᠠᠭᠤ ᠡᠴᠠ ᠠᠩᠭᠢᠵᠢᠷᠠᠭᠣᠯᠣᠨ ᠪᠣᠭᠣᠮᠳᠠ ᠰᠢᠪᠳᠣᠯᠬᠣ ᠳᠤᠮᠳᠠ ᠮᠠᠯᠴᠢᠨ ᠲᠠᠷᠢᠶᠠᠴᠢᠨ ᠤᠨ ᠨᠤᠭᠤᠷᠠᠰᠢ ᠥᠬᠡᠶ ᠪᠠᠲᠤ ᠴᠢᠩᠭ᠎ᠠ ᠵᠣᠷᠢᠭ ᠰᠠᠨᠠᠭ᠎ᠠ ᠂ ᠡᠷᠡᠯᠬᠡᠭᠯᠡᠨ ᠲᠡᠮᠡᠴᠡᠬᠦ ᠰᠥᠰᠥ ᠵᠣᠷᠢᠭ ‍ᠢ ᠲᠣᠰᠬᠠᠵᠣ ᠪᠠᠶᠢᠨ᠎ᠠ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ