ᠲᠦᠴᠸᠩᠽᠢ ᠰᠢᠶᠠᠩ ‍ᠤᠨ ᠫᠢᠩ ᠳ᠋ᠢᠩ ᠱᠠᠨ ᠲᠣᠰᠬᠣᠨ ᠤ ᠲᠦᠮᠡᠨ ᠮᠦ ᠭᠦᠢᠯᠡᠰᠦᠨ ᠴᠡᠴᠡᠭ ᠲᠡᠯᠭᠡᠷᠡᠵᠣ ᠬᠠᠪᠣᠷ ᠤᠨ ᠠᠭᠣᠷ ᠠᠮᠢᠰᠬᠣᠯ ᠦᠳᠭᠡᠨ ᠪᠠᠶᠢᠭ᠎ᠠ

ᠣᠩᠰᠢᠭᠰᠠᠨ ᠤᠳᠠᠭ᠎ᠠ ᠄ 1140     ᠨᠡᠶᠢᠳᠡᠯᠡᠭᠰᠡᠨ ᠴᠠᠭ ᠄ 2020/4/22 10:28:53

      4 ᠳ᠋ᠣᠭᠡᠷ ᠰᠠᠷ᠎ᠠ ᠡᠴᠠ ᠨᠠᠰᠢ ᠂ ᠠᠭᠠᠷ ‍ᠤᠨ ᠳᠤᠯᠠᠭᠠᠨ ᠳᠡᠭᠡᠭᠰᠢᠯᠡᠬᠦ ᠶ᠋ᠢ ᠳᠠᠭᠠᠯᠳᠤᠨ ᠂ ᠲᠦᠴᠸᠩᠽᠢ ᠰᠢᠶᠠᠩ ‍ᠤᠨ ᠫᠢᠩ ᠳ᠋ᠢᠩ ᠱᠠᠨ ᠲᠣᠰᠬᠣᠨ ‍ᠤ ᠲᠦᠮᠡᠨ ᠮᠥ ᠬᠠᠪᠲᠠᠭᠠᠶ ᠬᠦᠢᠯᠡᠰᠦ ᠶ᠋ᠢᠨ ᠠᠵᠤ ᠠᠬᠤᠶ ᠶ᠋ᠢᠨ ᠣᠶ ᠶ᠋ᠢᠨ ᠬᠦᠢᠯᠡᠰᠦᠨ ᠴᠡᠴᠡᠭ ᠲᠡᠯᠭᠡᠷᠡᠨ ᠂ ᠠᠭᠤᠯᠠ ᠲᠠᠯ᠎ᠠ ᠳᠦᠭᠦᠷᠡᠩ ᠴᠡᠴᠡᠭ ‍ᠦᠨ ᠲᠡᠯᠡᠶ ᠪᠣᠯᠵᠣ ᠂ ᠬᠠᠪᠤᠷ ‍ᠤᠨ ᠬᠥᠳᠡᠭᠡ ᠲᠣᠰᠬᠣᠨ ᠳ᠋ᠤ ᠦᠵᠡᠰᠬᠦᠯᠡᠩᠲᠦ ᠰᠠᠶᠢᠬᠠᠨ ᠦᠵᠡᠮᠵᠢ ᠨᠡᠮᠡᠷᠢᠯᠡᠭᠰᠡᠨ ᠪᠠᠶᠢᠨ᠎ᠠ ᠃

       ᠲᠦᠴᠸᠩᠽᠢ ᠰᠢᠶᠠᠩ ‍ᠤᠨ ᠫᠢᠩ ᠳ᠋ᠢᠩ ᠱᠠᠨ ᠲᠣᠰᠬᠣᠨ ‍ᠤ ᠲᠦᠮᠡᠨ ᠮᠦ ᠬᠠᠪᠲᠠᠭᠠᠶ ᠬᠦᠢᠯᠡᠰᠦ ᠶ᠋ᠢᠨ ᠠᠵᠤ ᠠᠬᠤᠶ ᠶ᠋ᠢᠨ ᠣᠶ ᠳ᠋ᠥ ᠂ ᠬᠦᠢᠯᠡᠰᠦᠨ ᠴᠡᠴᠡᠭ ᠥᠩᠭᠡ ᠢᠯᠭᠠᠷᠠᠨ ᠲᠡᠯᠭᠡᠷᠡᠵᠣ ᠂ ᠴᠡᠴᠡᠭ ᠤᠨ ᠠᠩᠬᠢᠯᠤᠮ᠎ᠠ ᠦᠨᠦᠷ ᠬᠠᠩᠬᠣᠯᠣᠨ᠎ᠠ ᠃


      ᠲᠦᠴᠸᠩᠽᠢ ᠰᠢᠶᠠᠩ ‍ᠤᠨ ᠫᠢᠩ ᠳ᠋ᠢᠩ ᠱᠠᠨ ᠲᠣᠰᠬᠣᠨ ᠨᠢ ᠨᠠᠯᠠᠤ ᠲᠠᠷᠢᠶᠠᠨ ᠭᠠᠵᠠᠷ ᠢᠶᠠᠷ ᠭᠣᠣᠯᠯᠠᠵᠣ ᠂ ᠭᠠᠩ ᠬᠠᠭᠰᠠᠷᠭᠠᠨ ᠡᠴᠡ ᠪᠣᠯᠵᠣ ᠲᠣᠰᠬᠣᠨ ‍ᠤ ᠠᠷᠠᠳ ‍ᠤᠨ ᠣᠷᠣᠯᠭ᠎ᠠ ᠶ᠋ᠢ ᠬᠦᠨᠳᠦ ᠨᠣᠴᠢᠲᠠᠶ ᠬᠢᠵᠠᠭᠠᠷᠯᠠᠵᠤ ᠂ ᠡᠨᠡ ᠬᠦ ᠪᠠᠶᠢᠳᠠᠯ ‍ᠢ ᠬᠤᠪᠢᠷᠠᠭᠤᠯᠬᠤ ᠶ᠋ᠢᠨ ᠲᠥᠯᠥᠭᠡ ᠂ ᠫᠢᠩ ᠳ᠋ᠢᠩ ᠱᠠᠨ ᠲᠣᠰᠬᠣᠨ ᠥᠪᠡᠷ ‍ᠦᠨ ᠪᠣᠳᠠᠲᠤ ᠪᠠᠶᠢᠳᠠᠯ ᠡᠴᠠ ᠪᠠᠨ ᠡᠭᠦᠰᠴᠦ ᠂ ᠢᠳᠡᠪᠬᠢᠲᠡᠶ ᠪᠡᠷ ᠬᠠᠶᠢᠨ ᠰᠦᠪᠡᠭᠴᠢᠯᠡᠨ ᠂ ᠭᠠᠩ ᠳᠠᠭᠠᠭᠠᠬᠤ ᠬᠠᠪᠲᠠᠭᠠᠶ ᠭᠦᠢᠯᠡᠰᠦ ᠶ᠋ᠢ ᠪᠥᠬᠥ ᠲᠣᠰᠬᠣᠨ ‍ᠤ ᠭᠣᠤᠯᠯᠠᠬᠤ ᠠᠵᠤ ᠦᠶ᠋ᠯᠡᠰ ᠪᠣᠯᠭᠠᠨ ᠲᠣᠭᠲᠠᠭᠠᠵᠤ ᠂ ᠠᠵᠤ ᠠᠬᠤᠶ ᠶ᠋ᠢᠨ ᠣᠶ ᠶ᠋ᠢ ᠬᠥᠭᠵᠢᠭᠦᠯᠬᠦ ᠪᠡᠷ ᠲᠠᠮᠵᠢᠭᠣᠯᠣᠨ ᠂ ᠲᠣᠰᠬᠣᠨ ‍ᠤ ᠠᠷᠠᠳ ‍ᠤᠨ ᠣᠷᠣᠯᠭ᠎ᠠ ᠶ᠋ᠢ ᠨᠡᠮᠡᠭᠳᠡᠭᠦᠯᠵᠦ ᠂ ᠠᠮᠢ ᠠᠬᠤᠶ ᠪᠠ ᠠᠵᠤ ᠠᠬᠤᠶ ᠶ᠋ᠢᠨ ᠬᠣᠤᠰ ᠦᠷ᠎ᠡ ᠠᠰᠢᠭ ‍ᠢ ᠬᠠᠮᠲᠤ ᠳ᠋ᠤᠨᠢ ᠬᠠᠷᠠᠭᠠᠯᠵᠠᠬᠤ ᠰᠢᠨ᠎ᠡ ᠵᠠᠮ ‍ᠢ ᠨᠡᠭᠡᠭᠡᠵᠡᠶ ᠃

       ᠲᠦᠴᠸᠩᠽᠢ ᠰᠢᠶᠠᠩ ‍ᠤᠨ ᠫᠢᠩ ᠳ᠋ᠢᠩ ᠱᠠᠨ ᠲᠣᠰᠬᠣᠨ ‍ᠤ ᠨᠠᠮ ‍ᠤᠨ ᠡᠭᠦᠷ ‍ᠦᠨ ᠱᠦᠵᠢ  ᠳ᠋ᠦ᠋ ᠹᠦ᠋ ᠮᠢᠩ ᠄ 《ᠪᠢᠳᠡ 2004 ᠣᠨ ᠳ᠋ᠤ ᠲᠠᠷᠢᠶᠠᠯᠠᠬᠤ ᠪᠠᠨ ᠵᠣᠭᠰᠣᠭᠠᠵᠤ ᠣᠶ ᠮᠣᠳᠣᠨ ᠳ᠋ᠥ ᠪᠣᠴᠠᠭᠠᠬᠣ ᠪᠠᠷ ᠳᠠᠮᠵᠢᠨ ᠬᠠᠪᠲᠠᠭᠠᠶ ᠭᠦᠢᠯᠡᠰᠦ ᠶ᠋ᠢ ᠬᠦᠭᠵᠢᠭᠦᠯᠦᠨ ᠂ 300 ᠭᠠᠷᠤᠶ ᠮᠦ ᠬᠠᠪᠲᠠᠭᠠᠶ ᠭᠦᠢᠯᠡᠰᠦ ᠲᠠᠷᠢᠵᠣ ᠂ 2005 ᠣᠨ ᠳ᠋ᠤ 700 ᠭᠠᠷᠤᠶ ᠮᠦ ᠨᠡᠮᠡᠭᠳᠡᠭᠦᠯᠦᠨ 1000 ᠮᠦ ᠪᠣᠯᠭᠠᠵᠣ ᠂ 2007 ᠂ 2008 ᠣᠨ ᠪᠣᠯᠬᠤ ᠳ᠋ᠤ ᠵᠢᠵᠢᠭ ᠰᠠᠪᠠ ᠭᠠᠵᠠᠷ ‍ᠢ ᠵᠠᠰᠠᠬᠤ ᠪᠠᠷ ᠳᠠᠮᠵᠢᠨ ᠂ ᠪᠢᠳᠡ 5000 ᠮᠦ ᠰᠢᠬᠠᠮ ᠬᠦᠭᠵᠢᠬᠦᠯᠦᠭᠰᠡᠨ ᠪᠠᠶᠢᠨ᠎ᠠ ᠃ ᠤᠳᠤ ᠪᠢᠳᠡ ᠤᠢᠷ᠎ᠠ ᠶ᠋ᠢᠨ ᠬᠣᠶᠠᠷ ᠵᠢᠯ ᠳ᠋ᠦ ᠲᠦᠮᠡᠨ ᠮᠦ ᠰᠢᠬᠠᠮ ᠲᠠᠷᠢᠵᠤ ᠂ ᠲᠣᠰᠬᠣᠨ ‍ᠤ ᠠᠷᠠᠳ ᠲᠤ ᠡᠯᠪᠡᠭ ᠳᠡᠯᠪᠡᠭ ᠠᠵᠤ ᠠᠬᠤᠶ ᠶ᠋ᠢᠨ ᠦᠷ᠎ᠡ ᠠᠰᠢᠭ ᠣᠯᠭᠣᠭᠰᠠᠨ ᠪᠥᠭᠡᠳ ᠴᠥᠭᠡᠨ ᠪᠤᠰᠤ ᠶᠠᠳᠠᠭᠤ ᠬᠦᠴᠢᠷᠳᠡᠯᠲᠡᠶ ᠡᠷᠦᠬᠡ ᠶ᠋ᠢ ᠳᠠᠶᠢᠴᠢᠯᠠᠭᠰᠠᠨ ᠪᠠᠶᠢᠨ᠎ᠠ 》᠃

      ᠣᠶᠢᠷ᠎ᠠ ᠶ᠋ᠢᠨ ᠵᠢᠯ ᠡᠴᠡ ᠂ ᠲᠦᠴᠸᠩᠽᠢ ᠰᠢᠶᠠᠩ ‍ᠤᠨ ᠫᠢᠩ ᠳ᠋ᠢᠩ ᠱᠠᠨ ᠲᠣᠰᠬᠣᠨ ᠲᠠᠷᠢᠮᠠᠯ ‍ᠤᠨ ᠬᠡᠪᠴᠢᠶ᠎ᠡ ᠪᠠᠨ ᠲᠠᠰᠤᠷᠠᠯᠲᠠ ᠥᠬᠡᠶ ᠦᠷᠭᠡᠳᠭᠡᠨ ᠂ ᠵᠢᠮᠢᠰ ‍ᠦᠨ ᠡᠬᠢ ᠪᠠᠶᠠᠯᠢᠭ ‍ᠤᠨ ᠳᠠᠯᠳᠠ ᠬᠦᠴᠦᠨ ‍ᠢ ᠭᠦᠶᠴᠡᠳ ᠰᠦᠪᠡᠭᠴᠢᠯᠡᠵᠦ ᠂ ᠬᠠᠪᠲᠠᠭᠠᠶ ᠬᠦᠢᠯᠡᠰᠦ ᠶ᠋ᠢᠨ ᠠᠵᠤ ᠦᠶ᠋ᠯᠡᠰ ‍ᠢ ᠬᠦᠴᠦᠷᠬᠡᠭᠵᠢᠭᠦᠯᠦᠨ ᠪᠤᠵᠠᠭᠠᠶᠢᠷᠠᠭᠤᠯᠵᠤ ᠂ ᠲᠣᠰᠬᠣᠨ ‍ᠤ ᠠᠷᠠᠳ ‍ᠤᠨ 《 ᠭᠦᠢᠯᠡᠰᠦ 》 ᠶ᠋ᠢᠨ ᠠᠵᠣ ᠦᠢᠯᠡᠰ ‍ᠤᠨ ᠵᠠᠮ ᠢᠶᠠᠷ ᠵᠠᠮᠨᠠᠬᠤ ᠳ᠋ᠤ ᠬᠦᠴᠦᠨ ᠨᠡᠮᠡᠷᠢᠯᠡᠪᠡ ᠃

       ᠲᠦᠴᠸᠩᠽᠢ ᠰᠢᠶᠠᠩ ‍ᠤᠨ ᠫᠢᠩ ᠳ᠋ᠢᠩ ᠱᠠᠨ ᠲᠣᠰᠬᠣᠨ ‍ᠤ ᠨᠠᠮ ‍ᠤᠨ ᠡᠭᠦᠷ ‍ᠦᠨ ᠱᠦᠵᠢ ᠳ᠋ᠦ᠋ ᠹᠦ᠋ ᠮᠢᠩ ᠄《ᠪᠢᠳᠡ ᠬᠦᠢᠯᠡᠰᠦ ᠶ᠋ᠢᠨ ᠮᠣᠳᠣ ᠲᠠᠷᠢᠭᠰᠠᠨ ᠡᠴᠡ ᠠᠭᠯᠠᠭ ᠠᠭᠤᠯᠠ ᠴᠡᠴᠡᠭ ‍ᠦᠨ ᠬᠦᠷᠢᠶᠡᠯᠡᠩ ᠪᠣᠯᠤᠨ ᠬᠤᠪᠢᠷᠠᠵᠤ ᠂ ᠠᠮᠢ ᠠᠬᠤᠶ ᠴᠦ ᠰᠠᠶᠢᠵᠢᠷᠠᠪᠠ ᠃ ᠰᠢ ᠵᠢᠨ ᠫᠢᠩ ᠶᠡᠷᠦᠩᠬᠡᠢ ᠱᠦᠵᠢ ᠶ᠋ᠢᠨ ᠶᠠᠷᠢᠭᠰᠠᠨ ᠠᠮᠢ ᠠᠬᠤᠶ ᠶ᠋ᠢᠨ ᠲᠤᠰ ᠪᠡᠶ᠎ᠡ ᠪᠣᠯ ᠳᠠᠷᠤᠶ ᠠᠵᠤ ᠠᠬᠤᠶ ᠭᠡᠳᠡᠭᠴᠢᠯᠡᠨ ᠂ ᠠᠮᠢ ᠠᠬᠤᠶ ᠶ᠋ᠢ ᠰᠠᠶᠢᠲᠤᠷ ᠬᠠᠮᠠᠭᠠᠯᠠᠬᠤ ᠪᠣᠯ ᠳᠠᠷᠤᠶ ᠦᠶᠯᠡᠳᠪᠦᠷᠢᠯᠡᠯ ‍ᠦᠨ ᠬᠦᠴᠦᠨ ‍ᠢ ᠬᠥᠭᠵᠢᠭᠦᠯᠬᠦ ᠶᠠᠪᠤᠳᠠᠯ ᠪᠠᠶᠢᠵᠣ ᠂ ᠡᠶᠢᠮᠦ ᠡᠴᠡ ᠪᠢᠳᠡ ᠠᠮᠢ ᠠᠬᠤᠶ ᠶ᠋ᠢ ᠰᠠᠶᠢᠲᠤᠷ ᠬᠠᠮᠠᠭᠠᠯᠠᠨ ᠂ ᠬᠠᠪᠲᠠᠭᠠᠶ ᠭᠦᠢᠯᠡᠰᠦ ᠲᠠᠷᠢᠬᠤ ᠬᠡᠪᠴᠢᠶ᠎ᠡ ᠪᠡᠨ ᠦᠷᠭᠦᠯᠵᠢᠯᠡᠨ ᠦᠷᠭᠡᠳᠭᠡᠵᠣ ᠂ ᠠᠷᠠᠳ ᠤᠯᠠᠨ ‍ᠤ ᠢᠳᠡᠪᠬᠢᠵᠢᠯ ‍ᠢ ᠲᠠᠶᠢᠴᠢᠯᠠᠨ ᠂ ᠪᠠᠰᠠ ᠵᠤᠭᠠᠴᠠᠯ ‍ᠤᠨ ᠦᠶᠯᠡᠰ ‍ᠢ ᠰᠠᠶᠢᠲᠤᠷ ᠬᠥᠭᠵᠢᠭᠦᠯᠵᠦ ᠂ ᠲᠠᠷᠢᠶᠠᠴᠢᠳ ‍ᠤᠨ ᠣᠷᠣᠯᠭ᠎ᠠ ᠶ᠋ᠢ ᠤᠯᠠᠮ ᠡᠴᠠ ᠤᠯᠠᠮ ᠥᠨᠳᠥᠷ ᠪᠣᠯᠭᠠᠨ᠎ᠠ 》᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ