ᠦᠬᠡᠷ ᠲᠡᠵᠢᠭᠡᠵᠦ ᠪᠠᠶᠠᠵᠢᠨ ᠴᠢᠨᠡᠬᠡᠯᠢᠭᠵᠢᠭᠰᠡᠨ ᠴᠢᠳᠠᠪᠦᠷᠢᠳᠠᠨ ᠄ ᠵᠠᠢ ᠠᠯᠳᠠᠨᠰᠦ᠋ᠬᠡ

ᠣᠩᠰᠢᠭᠰᠠᠨ ᠤᠳᠠᠭ᠎ᠠ ᠄ 226     ᠨᠡᠶᠢᠳᠡᠯᠡᠭᠰᠡᠨ ᠴᠠᠭ ᠄ 2020/3/25 14:57:15

         ᠭᠣᠷᠪᠠᠨᠬᠣᠸᠠ ᠰᠤᠮᠤ ᠶ᠋ᠢᠨ ᠬᠤᠯᠤᠰᠤᠲᠠᠶ ᠭᠠᠴᠠᠭᠠᠨ ‍ᠤ ᠵᠠᠶ ᠠᠯᠳᠠᠨᠰᠦ᠋ᠬᠡ ᠴᠦᠬᠦᠷᠡᠰᠢ ᠦᠭᠡᠢ ᠴᠢᠷᠮᠠᠶᠢᠯᠠᠭ᠎ᠠ ᠪᠠᠷ ᠦᠬᠡᠷ ‍ᠦᠨ ᠠᠵᠤ ᠦᠶᠯᠡᠰ ᠢ ᠬᠦᠭᠵᠢᠭᠦᠯᠦᠨ᠂ ᠬᠣᠯᠠ ᠣᠶᠢᠷ᠎ᠠ ᠳ᠋ᠠᠭᠠᠨ ᠠᠯᠳᠠᠷᠰᠢᠭᠰᠠᠨ ᠦᠬᠡᠷ ᠲᠡᠵᠢᠭᠡᠵᠦ ᠪᠠᠶᠠᠵᠢᠨ ᠴᠢᠨᠡᠬᠡᠯᠢᠭᠵᠢᠭᠰᠡᠨ ᠴᠢᠳᠠᠪᠤᠷᠢᠲᠠᠨ ᠪᠣᠯᠵᠠᠶ ᠃

        ᠰᠤᠷᠪᠤᠯᠵᠢᠯᠠᠭᠴᠢ ᠵᠠᠢ ᠠᠯᠳᠠᠨᠰᠦ᠋ᠬᠡ ᠲᠡᠶ ᠠᠭᠤᠯᠵᠠᠬᠤ ᠳ᠋ᠦ᠂ ᠲᠡᠷᠡ ᠶᠠᠭ ᠰᠠᠶᠢᠬᠠᠨ ᠵᠢᠶᠠᠩᠰᠦ ᠶ᠋ᠢᠨ ᠬᠤᠳᠠᠯᠳᠤᠭᠠᠴᠢᠨ ᠰᠦᠨ ᠮᠢᠩ ᠹᠠᠨ ‍ᠢ ᠳᠠᠭᠠᠭᠤᠯᠤᠨ ᠥᠪᠡᠷ ‍ᠦᠨ ᠭᠡᠷ ‍ᠦᠨ ᠦᠬᠡᠷ ‍ᠦᠨ ᠬᠠᠰᠢᠶ᠎ᠠ ᠪᠠᠨ ᠲᠣᠭᠣᠷᠢᠨ ᠦᠵᠡᠵᠦ ᠪᠠᠶᠢᠬᠣ ᠲᠠᠢ ᠳᠠᠭᠠᠷᠠᠯᠳᠣᠵᠣ ᠂ ᠰᠦᠨ ᠮᠢᠩ ᠹᠠᠨ ᠲᠡᠭᠦᠨ ᠲᠡᠶ ᠬᠠᠮᠲᠤᠷᠠᠨ ᠠᠵᠢᠯᠯᠠᠵᠤ ᠂ ᠵᠠᠢ ᠠᠯᠳᠠᠨᠰᠦ᠋ᠬᠡ ᠶ᠋ᠢᠨ ᠭᠡᠷ ‍ᠦᠨ ᠦᠬᠡᠷ ‍ᠢ ᠵᠢᠶᠠᠩᠰᠦ ᠳ᠋ᠦ ᠬᠦᠷᠭᠡᠬᠦ ᠶᠢ ᠬᠦᠰᠡᠵᠦ ᠪᠠᠶᠢᠯ᠎ᠠ᠃

         ᠵᠢᠶᠠᠩᠰᠦ ᠶ᠋ᠢᠨ ᠬᠤᠳᠠᠯᠳᠤᠭᠠᠴᠢᠨ   ᠰᠦᠨ ᠮᠢᠩ ᠹᠠᠨ ᠄ ᠵᠠᠢ ᠠᠯᠳᠠᠨᠰᠦ᠋ᠬᠡ ᠪᠣᠯ ᠡᠨᠳᠡᠬᠢ ᠬᠠᠮᠤᠭ ᠶᠡᠭᠡ ᠲᠡᠵᠢᠭᠡᠨ ᠦᠷᠡᠵᠢᠭᠦᠯᠬᠦ ᠡᠷᠦᠭᠡ ᠪᠡᠶᠢᠵᠣ᠂ ᠦᠬᠡᠷ ‍ᠦᠨ ᠴᠢᠨᠠᠷ ᠴᠢᠨᠰᠠᠭ᠎ᠠ ᠨᠢ ᠰᠠᠶᠢᠨ ᠪᠣᠯᠬᠣᠷ᠂ ᠰᠢᠭᠤᠳ ᠮᠠᠨ ‍ᠤ ᠵᠢᠶᠠᠩᠰᠦ ᠳ᠋ᠤ ᠠᠪᠠᠴᠢᠵᠤ ᠪᠣᠷᠣᠯᠠᠭᠣᠯᠵᠣ ᠪᠣᠯᠣᠨ᠎ᠠ᠃ ᠡᠶᠢᠨᠬᠦ ᠲᠡᠨᠳᠡᠬᠢ ᠠᠷᠠᠳ ᠴᠦ ᠴᠢᠨᠠᠷ ᠰᠠᠶᠢᠳᠠᠢ᠂ ᠦᠨ᠎ᠡ ᠬᠠᠩᠰᠢ ᠲᠣᠬᠢᠷᠠᠮᠵᠢᠲᠠᠶ ᠦᠬᠡᠷ ‍ᠦᠨ ᠮᠢᠬ᠎ᠠ ᠣᠯᠵᠤ ᠢᠳᠡᠬᠦ ᠪᠣᠯᠣᠨ᠎ᠠ ᠃

        ᠵᠠᠢ ᠠᠯᠳᠠᠨᠰᠦ᠋ᠬᠡ ᠶ᠋ᠢᠨ ᠬᠢᠨ ᠦᠶ᠎ᠡ ᠤᠯᠠᠷᠢᠨ ᠲᠡᠵᠢᠭᠡᠨ ᠦᠷᠡᠵᠢᠭᠦᠯᠬᠦ ᠪᠡᠷ ᠭᠣᠣᠯᠯᠠᠬᠣ ᠠᠵᠣ ᠦᠢᠯᠡᠰ ᠪᠣᠯᠭᠠᠵᠣ᠂ ᠭᠡᠷ ᠪᠦᠯᠢ ᠶ᠋ᠢᠨ ᠬᠢᠨ ᠨᠥᠯᠥᠭᠡ ᠡᠴᠡ ᠪᠣᠯᠵᠣ ᠲᠡᠷᠡ ᠪᠠᠰᠠ ᠲᠡᠵᠢᠭᠡᠨ ᠦᠷᠡᠵᠢᠭᠦᠯᠬᠦ ᠦᠢᠯᠡᠰ ‍ᠢ ᠬᠥᠭᠵᠢᠭᠦᠯᠵᠡᠢ᠃ 2008 ᠣᠨ ᠳ᠋ᠤ᠂ ᠵᠠᠢ ᠠᠯᠳᠠᠨᠰᠦ᠋ᠬᠡ ᠭᠡᠷ ᠤᠨ ᠪᠦᠬᠦ ᠬᠥᠷᠥᠩᠭᠡ ᠪᠡᠨ ᠦᠬᠡᠷ ᠲᠡᠵᠢᠭᠡᠬᠦ ᠳᠡᠭᠡᠷ᠎ᠡ ᠲᠠᠯᠪᠢᠵᠣ᠂ ᠵᠠᠬ᠎ᠠ ᠲᠡᠯᠭᠡᠭᠦᠷ ᠤᠨ ᠨᠦᠯᠦᠭᠡᠯᠡᠯ ᠡᠴᠡ ᠪᠣᠯᠵᠣ 28 ᠲᠦᠮᠡᠨ ᠲᠥᠭᠥᠷᠢᠭ ‍ᠦᠨ ᠬᠣᠬᠢᠷᠠᠯ ᠭᠠᠷᠴᠣ᠂ ᠲᠠᠪᠤ᠋ ᠵᠢᠷᠭᠤᠭᠠᠨ ᠵᠢᠯ ‍ᠦᠨ ᠲᠠᠰᠤᠷᠠᠯᠲᠠ ᠦᠭᠡᠢ ᠴᠢᠷᠮᠠᠶᠢᠯᠭ᠎ᠠ ᠪᠠᠷ ᠳᠠᠮᠵᠢᠨ᠂ ᠵᠠᠢ ᠠᠯᠳᠠᠨᠰᠦ᠋ᠬᠡ ᠡᠴᠦᠰ ᠲᠡᠬᠡᠨ ᠥᠷᠢ ᠪᠡᠨ ᠲᠥᠯᠥᠵᠦ ᠳᠠᠭᠤᠰᠴᠤ᠂ ᠭᠡᠷ ‍ᠦᠨ ᠠᠮᠢᠳᠤᠷᠠᠯ ᠨᠢ ᠴᠦ ᠠᠭᠠᠵᠢᠮ ᠢᠶᠠᠷ ᠰᠠᠶᠢᠵᠢᠷᠠᠭᠰᠠᠨ ᠪᠠᠶᠢᠨ᠎ᠠ᠃ 2013 ᠣᠨ ᠳ᠋ᠤ᠂ ᠵᠠᠢ ᠠᠯᠳᠠᠨᠰᠦ᠋ᠬᠡ ᠲᠠᠬᠢᠨ ᠦᠭᠡᠷ ᠲᠡᠵᠢᠭᠡᠬᠦ ᠦᠢᠯᠡᠰ ᠢᠶ᠋ᠡᠨ ᠡᠷᠬᠢᠯᠡᠨ᠂ ᠠᠩᠬᠠᠨ ‍ᠤ ᠨᠢᠭᠡ ᠬᠣᠶᠠᠷ ᠲᠣᠯᠣᠭᠠᠢ ᠦᠭᠡᠷ ᠪᠠᠶᠢᠭᠰᠠᠨ ᠡᠴᠠ ᠪᠠᠨ ᠠᠭᠠᠵᠢᠮ ᠢᠶᠠᠷ ᠠᠷᠪᠠᠨ ᠬᠡᠳᠦ᠂ ᠵᠠᠭᠤ ᠭᠠᠷᠤᠢ ᠪᠣᠯᠵᠣ᠂ 2016 ᠣᠨ ᠳ᠋ᠤ ᠲᠡᠭᠦᠨ ᠤ ᠲᠡᠵᠢᠭᠡᠨ ᠦᠷᠡᠵᠢᠭᠦᠯᠬᠦ ᠦᠢᠯᠡᠰ ᠵᠣᠬᠢᠬᠤ ᠬᠡᠪᠴᠢᠢ᠎ᠡ ᠲᠡᠶ ᠪᠣᠯᠵᠠᠢ᠃

       ᠭᠣᠷᠪᠠᠨᠬᠣᠸᠠ ᠰᠤᠮᠤ ᠶ᠋ᠢᠨ ᠬᠤᠯᠤᠰᠤᠲᠠᠶ ᠭᠠᠴᠠᠭᠠᠨ ‍ᠤ ᠠᠷᠠᠳ    ᠵᠠᠢ ᠠᠯᠳᠠᠨᠰᠦ᠋ᠬᠡ᠄ ᠪᠢ ᠪᠣᠯ ᠦᠬᠡᠷᠴᠢᠨ ᠭᠠᠷᠤᠯ ᠲᠠᠢ ᠬᠥᠮᠦᠨ ᠪᠣᠯᠬᠣᠷ ᠦᠬᠡᠷ ᠳᠡᠵᠢᠬᠡᠬᠦ ᠡᠴᠡ ᠣᠨᠳᠣᠣ ᠳᠡᠮᠡᠢ ᠣᠶᠢᠯᠠᠭᠠᠬᠣ ᠦᠭᠡᠢ᠂ ᠪᠢ ᠭᠡᠳᠡᠭ ᠬᠦᠮᠦᠨ ᠨᠡᠩ ᠵᠥᠷᠢᠭᠦᠳ ᠵᠠᠩ ᠲᠠᠢ ᠪᠠᠶᠢᠵᠣ᠂ ᠬᠠᠮᠢᠭ᠎ᠠ ᠪᠦᠳᠦᠷᠢᠭᠰᠡᠨ ᠪᠣᠯ ᠡᠷᠬᠡᠪᠰᠢ ᠬᠠᠮᠢᠭ᠎ᠠ ᠡᠴᠡ ᠪᠣᠰᠬᠣ ᠪᠣᠯᠣᠨ᠎ᠠ᠃
       2017 ᠣᠨ ᠳ᠋ᠤ᠂ ᠵᠠᠢ ᠠᠯᠳᠠᠨᠰᠦ᠋ᠬᠡ ᠬᠣᠰᠢᠭᠤᠨ ‍ᠤ ᠰᠢᠦᠢ ᠺᠠᠩ ᠭᠡᠷ ᠪᠦᠯᠢ ᠶ᠋ᠢᠨ ᠮᠠᠯᠵᠢᠯ ‍ᠤᠨ ᠲᠠᠯᠠᠪᠠᠢ ᠶ᠋ᠢ  ᠪᠠᠶᠢᠭᠣᠯᠵᠣ᠂ ᠪᠣᠷᠳᠣᠵᠤ ᠲᠠᠷᠭᠤᠯᠠᠭᠤᠯᠬᠤ ᠪᠠ ᠰᠠᠭᠤᠷᠢ ᠡᠬᠡ ᠮᠠᠯ ᠢᠶᠠᠷ ᠭᠣᠣᠯᠯᠠᠨ᠂ ᠯᠢᠶᠤᠤᠶᠠᠩ᠂ ᠲᠢᠶᠸ ᠯᠢᠩ᠂ ᠯᠢᠩ ᠶᠤᠸᠠᠨ ᠵᠢᠴᠢ ᠨᠠᠢᠮᠠᠨ ᠬᠣᠰᠢᠭᠤᠨ ‍ᠤ ᠣᠶᠢᠷ᠎ᠠ ᠬᠠᠪᠢ ᠭᠠᠵᠠᠷ ᠢᠶᠠᠷ ᠪᠣᠷᠣᠯᠠᠭᠣᠯᠵᠣ ᠪᠠᠶᠢᠨ᠎ᠠ᠃

       ᠣᠳᠣᠬᠠᠨ ᠳ᠋ᠤ ᠵᠠᠢ ᠠᠯᠳᠠᠨᠰᠦ᠋ᠬᠡ ᠬᠣᠯᠠ ᠣᠶᠢᠷ᠎ᠠ ᠳᠠᠭᠠᠨ ᠠᠯᠳᠠᠷᠰᠢᠭᠰᠠᠨ ᠦᠬᠡᠷ ᠲᠡᠵᠢᠭᠡᠬᠦ ᠴᠢᠳᠠᠪᠤᠷᠢᠲᠠᠨ ᠪᠣᠯᠵᠤ᠂ ᠵᠢᠯ ᠳ᠋ᠥ 300 ᠭᠠᠷᠤᠶ ᠦᠬᠡᠷ ᠲᠡᠵᠢᠭᠡᠨ ᠪᠣᠷᠣᠯᠠᠭᠣᠯᠵᠣ᠂ ᠴᠡᠪᠡᠷ ᠣᠷᠣᠯᠭ᠎ᠠ ᠨᠢ 100 ᠭᠠᠷᠤᠶ ᠲᠦᠮᠡᠨ ᠲᠥᠭᠥᠷᠢᠭ ᠲᠤ ᠬᠦᠷᠴᠡᠶ᠃ ᠲᠡᠷᠡ ᠥᠪᠡᠷ ᠢᠶᠡᠨ ᠪᠠᠶᠠᠵᠢᠬᠤ ᠶ᠋ᠢᠨ ᠬᠠᠮᠲᠤ ᠪᠠᠰᠠ ᠲᠤᠬᠠᠶ ᠶ᠋ᠢᠨ ᠭᠠᠵᠠᠷ ᠣᠷᠣᠨ ᠢᠶᠡᠨ ᠳᠠᠶᠢᠴᠢᠯᠠᠵᠣ᠂ ᠣᠳᠣᠬᠠᠨ ᠳ᠋ᠤ᠂ ᠲᠡᠭᠦᠨ ‍ᠦ ᠮᠠᠯᠵᠢᠯ ‍ᠤᠨ ᠲᠠᠯᠠᠪᠠᠶ ᠨᠢ 8 ᠬᠥᠮᠦᠨ ᠤ ᠠᠵᠢᠯ ᠣᠯᠭᠣᠯᠳᠠ ᠶ᠋ᠢ ᠪᠡᠶᠡᠯᠡᠭᠦᠯᠦᠨ᠂ ᠬᠥᠮᠦᠨ ᠲᠣᠮᠳᠠᠴᠢ ᠶ᠋ᠢᠨ ᠰᠠᠷ᠎ᠠ ᠴᠠᠯᠢᠩ ᠨᠢ 2400 ᠲᠥᠭᠥᠷᠢᠭ ᠲᠤ ᠬᠦᠷᠴᠣ᠂ ᠲᠤᠰ ᠲᠣᠰᠬᠣᠨ ‍ᠤ ᠶᠠᠳᠠᠭᠤ ᠬᠦᠴᠢᠷᠳᠡᠯᠲᠡᠢ ᠡᠷᠦᠬᠡ ᠵᠠᠢ ᠱᠤᠸᠠᠩ ᠪᠣᠣ ᠲᠠᠷᠣᠢ ᠲᠡᠭᠦᠨ ᠤ ᠮᠠᠯᠵᠢᠯ ‍ᠤᠨ ᠲᠠᠯᠠᠪᠠᠢ ᠳ᠋ᠤ ᠬᠥᠯᠥᠰᠥᠨ ᠠᠵᠢᠯ ᠬᠢᠭᠰᠡᠭᠡᠷ ᠢᠷᠡᠵᠠᠢ᠃

        ᠭᠣᠷᠪᠠᠨᠬᠣᠸᠠ ᠰᠤᠮᠤ ᠶ᠋ᠢᠨ ᠬᠤᠯᠤᠰᠤᠲᠠᠶ ᠭᠠᠴᠠᠭᠠᠨ ‍ᠤ ᠠᠷᠠᠳ    ᠵᠠᠶ ᠱᠤᠸᠠᠩ ᠪᠣᠣ ᠄ ᠮᠢᠨᠤ ᠠᠵᠢᠯ ᠪᠣᠯ ᠦᠬᠡᠷ ᠲᠡᠵᠢᠭᠡᠵᠣ᠂ ᠦᠭᠡᠷ ᠤᠨ ᠬᠠᠰᠢᠶ᠎ᠠ ᠶ᠋ᠢ ᠴᠡᠪᠡᠷᠯᠡᠨ᠎ᠡ᠂ ᠬᠡᠷᠪᠡ ᠦᠬᠡᠷ ᠬᠣᠳᠠᠯᠳᠣᠨ ᠠᠪᠬᠣ ᠬᠦᠮᠦᠨ ᠢᠷᠡᠪᠡᠯ ᠪᠠᠰᠠ ᠦᠬᠡᠷ ᠬᠦᠷᠭᠡᠨ᠎ᠡ᠃ ᠰᠠᠷ᠎ᠠ ᠳ᠋ᠥ 3000 ᠭᠠᠷᠤᠶ ᠲᠥᠭᠥᠷᠢᠭ ᠤᠨ ᠴᠠᠯᠢᠩ ᠣᠯᠵᠣ᠂ ᠪᠠᠭ᠎ᠠ ᠰᠠᠭ᠎ᠠ ᠣᠴᠢᠷ ᠶᠠᠪᠣᠳᠠᠯ ᠲᠠᠢ ᠪᠣᠯ ᠠᠯᠳᠠᠨᠰᠦ᠋ᠬᠡ ᠠᠬ᠎ᠠ ᠨᠠᠳᠠ ᠡᠴᠠ ᠢᠯᠡᠭᠦᠦ ᠶᠠᠭᠠᠷᠠᠵᠣ ᠨᠠᠳᠠ ᠶ᠋ᠢ ᠬᠠᠪᠰᠣᠷᠣᠨ᠎ᠠ ᠃
       ᠵᠠᠢ ᠠᠯᠳᠠᠨᠰᠦ᠋ᠬᠡ ᠪᠠᠰᠠ ᠮᠣᠷᠢᠨ ‍ᠤ ᠦᠶᠯᠡᠰ ᠲᠦ ᠠᠩᠬᠠᠷᠤᠯ ᠢᠶᠡᠨ ᠬᠠᠨᠳᠣᠭᠣᠯᠵᠣ᠂ 2019 ᠣᠨ ᠳ᠋ᠤ ᠥᠪᠥᠷ ᠮᠣᠩᠭᠣᠯ ‍ᠤᠨ ᠵᠢᠩ ᠾᠥᠩ ᠮᠠᠯ ᠠᠵᠤ ᠠᠬᠤᠶ ᠶ᠋ᠢᠨ ᠠᠵᠤ ᠦᠶᠯᠡᠰ ‍ᠦᠨ ᠬᠢᠵᠠᠭᠠᠷᠲᠤ ᠺᠣᠮᠫᠠᠨᠢ ᠶ᠋ᠢ ᠪᠠᠶᠢᠭᠣᠯᠣᠨ᠂ 200 ᠭᠠᠷᠤᠶ ᠮᠣᠷᠢ ᠬᠤᠳᠠᠯᠳᠤᠨ ᠠᠪᠴᠤ᠂ ᠲᠡᠵᠢᠭᠡᠨ ᠦᠷᠡᠵᠢᠭᠦᠯᠬᠦ ᠦᠢᠯᠡᠰ ᠪᠣᠯᠤᠨ ᠬᠥᠳᠡᠭᠡ ᠲᠣᠰᠬᠣᠨ ‍ᠤ ᠵᠢᠭᠤᠯᠴᠢᠯᠠᠯ ‍ᠤᠨ ᠦᠶᠯᠡᠰ ‍ᠢ ᠣᠷᠭᠠᠨᠢᠭ ᠢᠶᠠᠷ ᠣᠶᠠᠯᠳᠣᠭᠣᠯᠬᠣ ᠪᠠᠷ ᠲᠥᠯᠥᠪᠯᠡᠵᠦ ᠪᠣᠶ ᠃

        ᠭᠣᠷᠪᠠᠨᠬᠣᠸᠠ ᠰᠤᠮᠤ ᠶ᠋ᠢᠨ ᠬᠤᠯᠤᠰᠤᠲᠠᠶ ᠭᠠᠴᠠᠭᠠᠨ ‍ᠤ ᠠᠷᠠᠳ    ᠵᠠᠢ ᠠᠯᠳᠠᠨᠰᠦ᠋ᠬᠡ᠄ ᠵᠢᠯ ‍ᠦᠨ ᠡᠮᠦᠨ᠎ᠡ ᠡᠴᠡ ᠡᠬᠢᠯᠡᠨ ᠮᠣᠷᠢᠨ ᠤ ᠦᠢᠯᠡᠰ ᠲᠤ ᠪᠡᠯᠡ ᠣᠷᠣᠭᠣᠯᠣᠨ᠂ ᠡᠨᠡ ᠠᠵᠣ ᠦᠢᠯᠡᠰ ᠤᠨ ᠪᠡᠯᠡ ᠣᠷᠣᠭᠤᠯᠤᠯᠲᠠ ᠪᠠᠭ᠎ᠠ᠂ ᠠᠰᠢᠭ ᠣᠷᠣᠯᠭ᠎ᠠ ᠶᠡᠭᠡ ᠪᠠᠶᠢᠵᠣ᠂ ᠮᠢᠬ᠎ᠠ ᠵᠢ ᠨᠢ ᠬᠤᠳᠠᠯᠳᠤᠵᠤ ᠪᠣᠯᠤᠨ᠎ᠠ᠂ ᠪᠠᠰᠠ ᠵᠢᠭᠣᠯᠴᠢᠯᠠᠯ ᠤᠨ ᠦᠢᠯᠡᠰ ᠲᠤ ᠬᠡᠷᠡᠭᠯᠡᠵᠣ ᠪᠣᠯᠬᠣ ᠪᠣᠯᠬᠣᠷ᠂ ᠡᠶᠢᠮᠦᠷᠬᠦ ᠣᠯᠠᠨ ᠶᠠᠩᠵᠤ ᠶ᠋ᠢᠨ ᠡᠵᠡᠩᠨᠡᠯᠲᠡ ᠵᠢ ᠪᠦᠷ ᠡᠷᠬᠢᠯᠡᠵᠣ ᠪᠠᠶᠢᠨ᠎ᠠ ᠃

ᠢᠷᠡᠯᠳᠡ᠄ ᠨᠠᠶᠢᠷᠠᠭᠤᠯᠤᠭᠴᠢ᠄ ᠪᠤᠣ ᠨᠠᠷᠠᠨ