ᠬᠢᠵᠢᠭ ‍ᠤᠨ ᠪᠠᠶᠢᠳᠡᠯ ‍ᠢ ᠰᠡᠷᠬᠡᠶᠢᠯᠡᠨ ᠡᠵᠡᠮᠳᠡᠬᠦ ᠶ᠋ᠢᠨ ᠬᠠᠮᠳᠣ ᠰᠢᠨ᠎ᠡ ᠰᠣᠷᠭᠣᠭ ᠭᠦᠵᠡᠯᠵᠡᠭᠡᠨ᠎ᠡ ᠶ᠋ᠢ ᠬᠣᠳᠡᠯᠳᠣᠨ ᠠᠪᠣᠭᠴᠢ ᠶ᠋ᠢᠨ ᠭᠡᠷ ᠲᠦ ᠬᠦᠷᠭᠡᠵᠦ ᠪᠣᠷᠣᠯᠠᠭᠣᠯᠭ᠎ᠠ ᠪᠠᠨ ᠠᠬᠢᠭᠣᠯᠵᠣ ᠪᠠᠶᠢᠭ᠎ᠠ

ᠣᠩᠰᠢᠭᠰᠠᠨ ᠤᠳᠠᠭ᠎ᠠ ᠄ 262     ᠨᠡᠶᠢᠳᠡᠯᠡᠭᠰᠡᠨ ᠴᠠᠭ ᠄ 2020/3/25 11:20:26

     ᠣᠳᠣᠬᠠᠨ ᠶᠠᠭ ᠰᠠᠶᠢᠬᠠᠨ ᠭᠦᠵᠡᠯᠵᠡᠭᠡᠨ᠎ᠡ ᠶ᠋ᠢ ᠵᠠᠬ᠎ᠠ ᠲᠡᠯᠭᠡᠭᠦᠷ ᠲᠦ ᠪᠣᠷᠣᠯᠠᠭᠣᠯᠬᠣ ᠣᠯᠠᠷᠢᠯ ᠪᠠᠶᠢᠵᠣ ᠂ ᠪᠠᠶᠡᠡᠳᠠᠯ᠎ᠠ ᠰᠣᠮᠣ ᠶ᠋ᠢᠨ ᠰᠦᠮ᠎ᠠ ᠶ᠋ᠢᠨ ᠠᠶᠢᠯ ᠲᠣᠰᠬᠣᠨ ᠤ ᠭᠦᠵᠡᠯᠵᠡᠭᠡᠨ᠎ᠡ ᠶ᠋ᠢᠨ ᠬᠦᠷᠢᠶᠡᠯᠡᠩ ᠳ᠋ᠦ ᠂ ᠠᠵᠢᠯᠳᠡᠣᠨ ᠶᠠᠭ ᠰᠠᠶᠢᠬᠠᠨ ᠬᠦᠯᠡᠮᠵᠢ ᠳ᠋ᠦ ᠪᠡᠨ ᠶᠠᠭᠠᠷᠠᠵᠣ ᠂ ᠭᠦᠵᠡᠯᠵᠡᠭᠡᠨ᠎ᠡ ᠶ᠋ᠢᠨ ᠦᠰᠣᠯᠳᠡ ᠶ᠋ᠢᠨ ᠪᠠᠶᠢᠳᠠᠯ ᠢ ᠪᠠᠶᠢᠴᠠᠭᠠᠨ ᠂ ᠨᠢᠭᠡᠡᠳᠡ ᠪᠣᠯᠪᠠᠰᠣᠷᠠᠭᠰᠠᠨ ᠭᠦᠵᠡᠯᠵᠡᠭᠡᠨ᠎ᠡ ᠶ᠋ᠢ ᠲᠡᠭᠦᠵᠦ ᠶᠠᠭᠠᠷᠠᠯᠳᠣᠨ᠎ᠠ᠃

     ᠬᠦᠯᠡᠮᠵᠢ ᠳ᠋ᠦ ᠢᠷᠡᠵᠤ ᠭᠦᠵᠡᠯᠵᠡᠭᠡᠨ᠎ᠡ ᠲᠡᠭᠦᠵᠦ ᠬᠣᠳᠡᠯᠳᠣᠨ ᠠᠪᠬᠣ ᠪᠣᠯ ᠭᠦᠵᠡᠯᠵᠡᠭᠡᠨ᠎ᠡ ᠶ᠋ᠢᠨ ᠬᠦᠷᠢᠶᠡᠯᠡᠡᠭ ‍ᠦᠨ  ᠬᠠᠮᠣᠭ ᠤᠨ ᠰᠠᠶᠢᠨ ᠪᠣᠷᠣᠯᠠᠭᠣᠯᠬᠣ ᠠᠷᠭ᠎ᠠ ᠮᠠᠶᠢᠭ ᠪᠠᠶᠢᠭᠰᠠᠨ ᠪᠣᠯᠪᠠᠴᠣ ᠬᠢᠵᠢᠭ ‍ᠤᠨ ᠨᠦᠯᠦᠬᠡ ᠡᠴᠡ ᠪᠣᠯᠵᠦ ᠂ ᠬᠦᠯᠡᠮᠵᠢ ᠳ᠋ᠦ ᠭᠦᠵᠡᠯᠵᠡᠭᠡᠨ᠎ᠡ ᠲᠡᠭᠦᠬᠦ ᠪᠡᠷ ᠢᠷᠡᠭᠰᠡᠥᠨ ᠴᠦᠭᠡᠨ ᠪᠣᠯᠵᠦ ᠪᠣᠷᠣᠭᠣᠯᠭ᠎ᠠ ᠲᠣᠣᠷ᠎ᠠ ᠪᠣᠯᠣᠡᠡᠰᠠᠨ ᠪᠠᠶᠢᠨ᠎ᠠ ᠃ ᠬᠢᠵᠢᠭ ᠦᠨ ᠪᠠᠶᠢᠳᠠᠯ ‍ᠢ ᠰᠡᠷᠭᠡᠶᠢᠯᠡᠨ ᠡᠵᠡᠮᠳᠡᠬᠦ ᠬᠣᠭᠣᠴᠠᠭᠠᠨ ᠳ᠋ᠤ ᠨᠢᠭᠡᠡᠳᠡ ᠪᠣᠯᠪᠠᠰᠣᠷᠠᠭᠰᠠᠨ ᠭᠦᠵᠡᠯᠵᠡᠭᠡᠨ᠎ᠡ ᠶ᠋ᠢ ᠠᠯᠢ ᠲᠦᠷᠭᠡᠨ ᠢᠶ᠋ᠡᠷ ᠪᠣᠷᠣᠯᠠᠭᠣᠯᠬᠣ ᠶ᠋ᠢᠨ ᠲᠦᠯᠦᠭᠡ ᠂ ᠪᠠᠶᠡᠡᠳᠠᠯ᠎ᠠ ᠰᠣᠮᠣ ᠶ᠋ᠢᠨ ᠰᠦᠮ᠎ᠠ ᠶ᠋ᠢᠨ ᠠᠶᠢᠯ ᠲᠣᠰᠬᠣᠨ ᠤ ᠬᠠᠮᠢᠶ᠎ᠠ ᠪᠦᠬᠦᠢ ᠬᠠᠷᠢᠭᠣᠴᠠᠯᠭᠠᠳᠡᠨ ᠰᠣᠳᠣᠯᠣᠨ ᠶᠠᠷᠢᠯᠴᠠᠬᠣ ᠪᠠᠷ ᠲᠠᠮᠵᠢᠨ ᠭᠠᠷ ᠣᠳᠠᠰᠣᠨ ᠤ ᠵᠠᠬᠢᠶᠠᠯᠠᠭ᠎ᠠ ᠪᠠᠷ ᠡᠯ᠎ᠡ ᠰᠠᠭᠣᠭᠠᠯᠢ ᠲᠣᠭᠣᠷᠢᠭ ᠤᠨ ᠡᠭᠦᠳᠡᠨ ᠳ᠋ᠦ ᠪᠠᠷᠠᠭ᠎ᠠ ᠬᠦᠷᠭᠡᠬᠦ ᠬᠡᠯᠪᠡᠷᠢ ᠪᠡᠷ ᠦᠷᠭᠡᠨ ᠣᠯᠠᠨ ᠬᠡᠷᠡᠭᠯᠡᠭᠴᠢᠥᠨ ᠲᠦ ᠰᠢᠨ᠎ᠡ ᠰᠣᠷᠭᠣᠭ ᠠᠮᠣᠷ ᠲᠦᠪᠰᠢᠨ ᠭᠦᠵᠡᠯᠵᠡᠭᠡᠨ᠎ᠡ ᠢᠳᠡᠭᠦᠯᠦᠭᠰᠡᠨ ᠪᠠᠶᠢᠨ᠎ᠠ᠃

      ᠣᠶᠢᠯᠠᠭᠠᠯᠳᠠ ᠪᠡᠷ ᠂ ᠣᠳᠣᠬᠠᠨ ᠪᠣᠯᠳᠠᠯ᠎ᠠ ᠭᠠᠷ ᠣᠳᠠᠰᠣᠨ ᠤ ᠵᠠᠬᠢᠶᠠᠯᠠᠭ᠎ᠠ ᠪᠠᠷ 3000 ᠢᠯᠡᠭᠦᠣ ᠵᠢᠡᠭ ᠪᠣᠷᠣᠯᠠᠭᠣᠯᠵᠦ ᠪᠠᠶᠢᠨ᠎ᠠ ᠃ ᠭᠦᠵᠡᠯᠵᠡᠭᠡᠨ᠎ᠡ ᠶ᠋ᠢᠨ ᠬᠦᠷᠢᠶᠡᠯᠡᠡᠭ ‍ᠦᠨ ᠲᠠᠷᠢᠭᠰᠠᠨ ᠭᠦᠵᠡᠯᠵᠡᠭᠡᠨ᠎ᠡ ᠨᠢ ᠪᠦᠬᠦᠨ ‍ᠢᠶ᠋ᠡᠷ ᠢᠶ᠋ᠡᠨ ᠲᠠᠷᠢᠶᠠᠴᠢᠨ ᠠᠶᠢᠯ ᠤᠨ ᠪᠣᠷᠳᠣᠭᠣᠷ ᠪᠣᠶᠣ ᠣᠷᠭᠠᠨᠢᠭ ᠪᠣᠷᠳᠣᠭᠣᠷ ᠢ ᠬᠡᠷᠡᠭᠯᠡᠭᠰᠡᠨ ᠪᠦᠭᠡᠣᠨ ᠣᠰᠣᠨ ᠪᠣᠷᠳᠣᠭᠣᠷ ᠢ ᠨᠢᠭᠡ ᠴᠣᠭᠴᠠᠵᠢᠭᠣᠯᠣᠨ ᠬᠡᠷᠡᠭᠵᠢᠭᠦᠯᠦᠭᠰᠡᠨ ᠡᠴᠡ ᠠᠮᠳᠠ ᠨᠢ ᠰᠢᠬᠢᠷᠯᠢᠭ ᠮᠦᠷᠳᠡᠭᠡᠨ ᠰᠢᠬᠦᠰᠦᠯᠢᠭ ᠪᠠᠶᠢᠵᠦ ᠂ ᠬᠡᠷᠡᠭᠯᠡᠭᠴᠢᠦᠨ ‍ᠦᠨ ᠬᠠᠯᠠᠭᠣᠨ ᠬᠦᠷᠢᠶᠡᠯᠡᠯ ᠢ ᠣᠯᠵᠠᠢ ᠃ ᠯᠢ ᠪᠠᠳᠣ ᠶ᠋ᠢᠨ ᠡᠨᠡ ᠵᠢᠯ ᠦᠨ ᠭᠦᠵᠡᠯᠵᠡᠭᠡᠨ᠎ᠡ ᠶ᠋ᠢᠨ ᠮᠦ ᠪᠦᠷᠢ ᠶ᠋ᠢᠨ ᠣᠨᠠᠯᠳᠠ ᠨᠢ 5000 ᠵᠢᠡᠭ ᠣᠷᠴᠢᠮ ᠪᠠᠶᠢᠵᠣ ᠂ ᠶᠡᠷᠣᠡᠭᠬᠡᠢ ᠭᠠᠷᠦᠯᠳᠠ ᠨᠢ ᠵᠢᠱᠢᠯᠳᠡ ᠪᠠᠷ 12000 ᠵᠢᠡᠭ ᠳ᠋ᠦ ᠬᠦᠷᠴᠦ ᠂ ᠣᠳᠣᠬᠠᠨ ᠤ ᠵᠠᠬ᠎ᠠ ᠲᠡᠯᠭᠡᠭᠦᠷ ᠦᠨ ᠪᠣᠷᠣᠯᠠᠭᠣᠯᠣᠯᠳᠠ ᠶ᠋ᠢᠨ ᠦᠨ᠎ᠡ ᠨᠢ ᠵᠢᠡᠭ ᠪᠦᠷᠢ ᠳ᠋ᠦ ᠪᠡᠨ 25 ᠲᠦᠭᠦᠷᠢᠭ ᠲᠤ ᠬᠦᠷᠴᠦ ᠂ ᠭᠦᠵᠡᠯᠵᠡᠭᠡᠨ᠎ᠡ ᠲᠡᠭᠦᠭᠦ ᠬᠣᠭᠣᠴᠠᠭ᠎ᠠ ᠨᠢ 7 ᠰᠠᠷ᠎ᠠ ᠶ᠋ᠢᠨ ᠲᠣᠮᠳᠠᠴᠢ ᠪᠣᠯᠳᠠᠯ᠎ᠠ ᠦᠷᠭᠦᠯᠵᠢᠯᠡᠭᠦ ᠪᠣᠯᠣᠨ᠎ᠠ ᠃
ᠢᠷᠡᠯᠳᠡ᠄ ᠨᠠᠶᠢᠷᠠᠭᠤᠯᠤᠭᠴᠢ᠄ ᠪᠤᠣ ᠨᠠᠷᠠᠨ