ᠮᠠᠨ ᠤ ᠬᠣᠰᠢᠭᠣ 《 ᠲᠠᠪᠤᠨ ᠨᠢᠭᠡ 》 ᠶ᠋ᠢᠨ ᠲᠣᠭᠳᠠᠴᠠ ᠪᠠᠷ ᠶᠠᠳᠠᠭᠤ ᠡᠴᠠ ᠠᠩᠭᠢᠵᠢᠷᠠᠭᠣᠯᠣᠨ ᠪᠣᠭᠣᠮᠲᠠ ᠰᠢᠪᠲᠤᠯᠬᠤ ᠳ᠋ᠤ ᠬᠦᠴᠦᠨ ᠨᠡᠮᠡᠷᠢᠯᠡᠵᠣ ᠪᠠᠶᠢᠭ᠎ᠠ

ᠣᠩᠰᠢᠭᠰᠠᠨ ᠤᠳᠠᠭ᠎ᠠ ᠄ 8493     ᠨᠡᠶᠢᠳᠡᠯᠡᠭᠰᠡᠨ ᠴᠠᠭ ᠄ 2019/12/6 9:50:30

      ᠣᠶᠢᠷ᠎ᠠ ᠶ᠋ᠢᠨ ᠵᠢᠯ ᠳ᠋ᠥ ᠂ ᠮᠠᠨ ‍ᠤ ᠬᠣᠰᠢᠭᠤ 《 ᠨᠢᠭᠡ ᠪᠣᠯᠵᠣᠭ᠎ᠠ ᠂ ᠨᠢᠭᠡ ᠶᠠᠷᠢᠶ᠎ᠠ ᠂ ᠨᠢᠭᠡ ᠦᠨᠡᠯᠡᠯᠲᠡ ᠂ ᠨᠢᠭᠡ ᠳᠠᠭᠣᠷᠢᠶᠠᠯ ᠂ ᠨᠢᠭᠡ ᠣᠨᠴᠠᠯᠢᠭ 》 ‍ᠤᠨ ᠠᠵᠢᠯᠯᠠᠭ᠎ᠠ ᠪᠠᠷ ᠠᠴᠢᠶᠠᠯᠠᠪᠤᠷᠢ ᠪᠣᠯᠭᠠᠨ ᠂ ᠰᠢᠨ᠎ᠡ ᠴᠠᠭ ᠦᠶ᠎ᠡ ᠶ᠋ᠢᠨ ᠪᠣᠯᠪᠠᠰᠤᠨ ᠦᠢᠯᠡᠳᠦᠯᠭᠡ ᠲᠡᠶ ᠣᠶᠠᠯᠳᠣᠭᠣᠯᠵᠣ ᠂ ᠶᠠᠳᠠᠭᠤ ᠬᠦᠴᠢᠷᠳᠡᠯᠲᠡᠶ ᠣᠯᠠᠨ ᠲᠦᠮᠡᠨ ‍ᠢ ᠵᠢᠯᠣᠭᠣᠳᠴᠤ ᠂ ᠰᠠᠨᠠᠭᠠᠴᠢᠯᠠᠭ᠎ᠠ ᠡᠴᠠ ᠪᠠᠨ ᠶᠠᠳᠠᠭᠤ ᠡᠴᠠ ᠠᠩᠭᠢᠵᠢᠷᠠᠬᠣ ᠤᠬᠠᠮᠰᠠᠷ ‍ᠢ ᠨᠢ ᠴᠢᠩᠭᠠᠳᠬᠠᠨ ᠂ ᠥᠪᠡᠷ ‍ᠢ ᠪᠡᠨ ᠬᠥᠭᠵᠢᠭᠦᠯᠬᠦ ᠴᠢᠳᠠᠪᠤᠷᠢ ᠶ᠋ᠢ ᠲᠡᠭᠡᠭᠰᠢᠯᠡᠭᠦᠯᠵᠣ ᠪᠠᠶᠢᠨ᠎ᠠ ᠃

      


      


       

      ᠡᠪᠡᠳᠴᠢᠯᠡᠭᠰᠡᠨ ᠬᠠᠳᠠᠮ ᠡᠵᠢ ᠪᠠᠨ ᠬᠠᠷᠠᠭᠠᠯᠵᠠᠬᠤ ᠡᠴᠡ ᠬᠠᠳᠠᠨ᠎ᠠ ᠲᠠᠷᠢᠶᠠᠨ ᠠᠵᠢᠯ ᠳ᠋ᠥ ᠪᠠᠨ ᠶᠠᠭᠠᠷᠠᠬᠣ ᠤᠴᠢᠷ ᠡᠴᠠ ᠰᠢᠨ ᠵᠧᠨ ᠪᠠᠯᠭᠠᠰᠣ ᠶ᠋ᠢᠨ ᠪᠠᠭ᠎ᠠ ᠳ᠋ᠠ ᠳ᠋ᠠᠢ ᠲᠣᠰᠬᠣᠨ ‍ᠤ ᠲᠠᠩᠰᠠᠨ ᠳ᠋ᠥ ᠲᠡᠮᠳᠡᠭᠯᠡᠨ ᠺᠠᠷᠲ ᠪᠠᠶᠢᠭᠣᠯᠣᠭᠰᠠᠨ ᠶᠠᠳᠠᠭᠤ ᠬᠦᠴᠢᠷᠳᠡᠯᠲᠡᠶ ᠡᠷᠦᠬᠡ ᠸᠠᠩ ᠮᠢᠩ ᠯᠠᠨ ᠤᠤᠯ ᠨᠢ ᠭᠡᠷ ᠪᠦᠯᠢ ᠶ᠋ᠢᠨ ᠡᠷᠡᠭᠦᠯ ᠬᠠᠮᠠᠭᠠᠯᠠᠯ ᠢᠶᠡᠨ ᠳᠡᠮᠡᠶ ᠠᠩᠬᠠᠷᠬᠤ ᠥᠬᠡᠶ ᠪᠠᠶᠢᠪᠠ ᠃ ᠭᠡᠲᠡᠯ᠎ᠡ ᠬᠣᠶᠠᠷ ᠵᠢᠯ ‍ᠦᠨ ᠡᠮᠦᠨ᠎ᠡ ᠭᠠᠴᠠᠭᠠᠨ ᠡᠴᠠ 《 ᠠᠷᠢᠭᠤᠨ ᠴᠡᠪᠡᠷ ᠭᠡᠷ ᠪᠦᠯᠢ 》 ᠵᠢᠨ ᠰᠢᠯᠭᠠᠷᠠᠭᠤᠯᠤᠯᠲᠠ ᠡᠬᠢᠯᠡᠭᠦᠯᠵᠣ ᠂ ᠬᠥᠷᠰᠢ ᠰᠠᠭᠠᠬᠠᠯᠲᠠ ᠶ᠋ᠢᠨ ᠬᠢᠨ 《 ᠠᠷᠢᠭᠤᠨ ᠴᠡᠪᠡᠷ ᠭᠡᠷ ᠪᠦᠯᠢ 》 ᠵᠢᠨ ᠫᠠᠶᠢᠰᠠ ᠶ᠋ᠢ ᠡᠯᠭᠦᠭᠰᠡᠨ ‍ᠢ ᠬᠠᠷᠠᠭᠠᠳ ᠂ ᠸᠠᠩ ᠮᠢᠩ ᠯᠠᠨ ᠴᠤ ᠴᠢᠷᠮᠠᠶᠢᠵᠤ ᠪᠠᠶᠢᠭᠠᠳ ᠠᠷᠢᠭᠤᠨ ᠴᠡᠪᠡᠷ ᠭᠡᠷ ᠪᠦᠯᠢ ᠶ᠋ᠢᠨ ᠫᠠᠶᠢᠰᠠ ᠶ᠋ᠢ ᠡᠯᠭᠦᠭᠰᠡᠨ ᠪᠠᠶᠢᠨ᠎ᠠ ᠃

        

      ᠰᠢᠨ ᠵᠧᠨ ᠪᠠᠯᠭᠠᠰᠣ ᠶ᠋ᠢᠨ ᠪᠠᠭ᠎ᠠ ᠳ᠋ᠠ ᠳ᠋ᠠᠢ ᠲᠣᠰᠬᠣᠨ ‍ᠤ ᠠᠷᠠᠳ   ᠸᠠᠩ ᠮᠢᠩ ᠯᠠᠨ ᠄ ᠠᠷᠢᠭᠤᠨ ᠴᠡᠪᠡᠷ ᠭᠡᠷ ᠪᠦᠯᠢ ᠶ᠋ᠢᠨ ᠫᠠᠶᠢᠰᠠ ᠶ᠋ᠢ ᠣᠯᠣᠭᠠᠳ ᠶᠡᠭᠡ ᠪᠠᠶᠠᠷᠯᠠᠵᠣ ᠪᠠᠶᠢᠨ᠎ᠠ ᠃ ᠭᠡᠷ ‍ᠦᠨ ᠳᠣᠲᠣᠨ᠎ᠠ ᠭᠠᠳᠠᠨᠠᠬᠢ ᠪᠠᠨ ᠴᠡᠪᠡᠷ ᠴᠡᠮᠴᠡᠭᠡᠷ ᠪᠠᠶᠢᠯᠭᠠᠵᠣ ᠂ ᠬᠣᠶᠢᠰᠢᠳᠠ ᠶ᠋ᠢᠨ ᠶᠠᠳᠠᠭᠤ ᠡᠴᠠ ᠠᠩᠭᠢᠵᠢᠷᠠᠬᠤ ᠳ᠋ᠤ ᠨᠠᠩ ᠢᠲᠡᠭᠡᠯ ᠲᠡᠭᠦᠯᠳᠡᠷ ᠪᠣᠯᠣᠭᠰᠠᠨ ᠪᠠᠶᠢᠨ᠎ᠠ ᠃

         

      ᠮᠠᠨ ᠤ ᠬᠣᠰᠢᠭᠣᠨ ᠳ᠋ᠥ ᠡᠨᠡ ᠮᠡᠲᠦ ᠶ᠋ᠢᠨ ᠰᠢᠨ᠎ᠡ ᠬᠡᠪ ᠰᠤᠷᠲᠠᠯ ‍ᠢ ᠬᠥᠳᠡᠯᠦᠨ ᠳᠠᠭᠠᠭᠤᠯᠤᠭᠰᠠᠨ ᠵᠢᠱᠢᠶ᠎ᠡ ᠮᠠᠰᠢ ᠣᠯᠠᠨ ᠪᠠᠶᠢᠵᠣ ᠂ ᠢ ᠯᠦᠩ ᠶᠦᠩ ᠪᠠᠯᠭᠠᠰᠣ ᠶ᠋ᠢᠨ ᠰᠢ ᠳ᠋ᠢ ᠲᠣᠰᠬᠣᠨ ‍ᠤ ᠰᠣᠶᠣᠯ ‍ᠤᠨ ᠠᠭᠤᠳᠠᠮ ᠲᠠᠯᠠᠪᠠᠢ ᠶ᠋ᠢᠨ ᠲᠡᠯᠭᠡᠨ ᠦᠵᠡᠭᠦᠯᠦᠯᠭᠡ ᠶ᠋ᠢᠨ ᠰᠠᠮᠪᠠᠷ᠎ᠠ ᠲᠡᠭᠡᠷ᠎ᠡ ᠪᠦᠬᠦ ᠲᠣᠰᠬᠣᠨ ᠡᠴᠡ ᠰᠢᠯᠭᠠᠷᠠᠭᠤᠯᠵᠤ ᠭᠠᠷᠭᠠᠭᠰᠠᠨ ᠬᠠᠮᠤᠭ ‍ᠤᠨ ᠭᠦᠭᠡᠷᠦᠭᠦᠨ ᠰᠢ ᠳ᠋ᠢ ᠶ᠋ᠢᠨ ᠬᠥᠮᠦᠨ ᠂ ᠨᠠᠰᠤᠲᠠᠨ ᠢᠶᠡᠨ ᠠᠴᠢᠯᠠᠵᠣ ᠲᠦᠷᠦᠯ ᠰᠠᠳᠣᠨ ᠢᠶᠡᠨ ᠬᠠᠶᠢᠷᠠᠯᠠᠬᠣ ᠭᠡᠷ ᠪᠦᠯᠢ ᠵᠡᠷᠭᠡ ᠵᠢᠱᠢᠶᠡᠴᠢ ᠨᠡᠶᠢᠲᠡᠯᠢᠭ ᠵᠢᠱᠢᠶ᠎ᠡ ᠶ᠋ᠢ ᠳᠡᠯᠭᠡᠨ ᠦᠵᠡᠭᠦᠯᠦᠭᠰᠡᠨ ᠪᠠᠶᠢᠨ᠎ᠠ ᠃

         

       

         

      ᠢ ᠯᠦᠩ ᠶᠦᠩ ᠪᠠᠯᠭᠠᠰᠤ ᠶ᠋ᠢᠨ ᠰᠢ ᠳ᠋ᠢ ᠲᠣᠰᠬᠣᠨ ‍ᠤ ᠠᠷᠠᠳ   ᠵᠤᠤ ᠹᠧᠩ ᠬᠣᠩ ᠄  ᠡᠨᠡ ᠲᠡᠯᠭᠡᠨ ᠦᠵᠡᠭᠦᠯᠦᠯᠭᠡ ᠶ᠋ᠢᠨ ᠰᠠᠮᠪᠠᠷ᠎ᠠ ᠲᠡᠭᠡᠷᠡᠬᠢ ᠡᠶ᠎ᠠ ᠡᠪᠳᠠᠢ ᠭᠡᠷ ᠪᠦᠯᠢ ᠤᠳ ‍ᠢ ᠬᠠᠷᠠᠭᠠᠳ ᠶᠡᠭᠡᠳᠡ ᠪᠠᠬᠠᠷᠬᠠᠵᠣ ᠪᠠᠶᠢᠨ᠎ᠠ ᠃ ᠮᠠᠨ ‍ᠤ ᠬᠢᠨ ᠴᠦ ᠡᠨᠡ ᠵᠢᠭᠰᠠᠭᠠᠯᠲᠠ ᠳ᠋ᠤ ᠣᠷᠣᠬᠣ ᠪᠡᠷ ᠴᠢᠷᠮᠠᠶᠢᠨ᠎ᠠ ᠃

      ᠢ ᠯᠦᠩ ᠶᠦᠩ ᠪᠠᠯᠭᠠᠰᠣ ᠶ᠋ᠢᠨ ᠰᠢ ᠳ᠋ᠢ ᠲᠣᠰᠬᠣᠨ ‍ᠤ ᠨᠠᠮ ‍ᠤᠨ ᠡᠭᠦᠷ ‍ᠦᠨ ᠱᠦᠵᠢ ᠲᠢᠶᠠᠨ ᠸᠧᠶ ᠄

ᠳᠡᠷᠭᠡᠳᠡᠬᠢ ᠬᠥᠮᠦᠰ ᠲᠦ  ᠰᠤᠷᠭᠠᠨ ᠬᠦᠮᠦᠵᠢᠯ ᠬᠦᠷᠳᠡᠭᠡᠵᠣ ᠂ ᠨᠠᠩ ᠣᠯᠠᠨ ᠬᠥᠮᠦᠰ ‍ᠢ ᠳᠠᠶᠢᠴᠢᠯᠠᠨ ᠡᠶ᠎ᠡ ᠵᠣᠬᠢᠴᠠᠩᠭᠤᠶ ᠪᠠᠶᠢᠬᠤ ᠶ᠋ᠢ ᠬᠦᠰᠡᠵᠣ ᠪᠠᠶᠢᠨ᠎ᠠ ᠃ ᠪᠢᠳᠠ ᠢᠯᠡ ᠪᠡᠷ ᠰᠠᠶᠢᠰᠢᠶᠠᠨ ᠬᠦᠬᠢᠬᠦᠯᠦᠨ ᠂ ᠢᠷᠠᠭᠤ ᠠᠯᠳᠠᠷ ‍ᠤᠨ ᠰᠠᠮᠪᠠᠷ᠎ᠠ ᠳᠡᠭᠡᠷ᠎ᠡ ᠲᠠᠯᠪᠢᠪᠠᠯ ᠂  ᠲᠡᠳᠡᠨᠡᠷ  ᠲᠦ ᠨᠢᠭᠡ  ᠵᠦᠢᠯ ‍ᠦᠨ ᠣᠮᠣᠭ ᠪᠠᠬᠠᠳᠤᠯᠲᠤ ᠰᠡᠳᠬᠢᠯᠭᠡ ᠲᠦᠷᠦᠭᠳᠡᠭᠦᠯᠦᠨ ᠂ ᠠᠷᠠᠳ ᠣᠯᠠᠨ ᠳ᠋ᠥ ᠴᠦ ᠪᠠᠰᠠ ᠨᠢᠭᠡ  ᠵᠦᠢᠯ ‍ᠦᠨ ᠰᠤᠷᠭᠠᠨ ᠬᠦᠮᠦᠵᠢᠯ ᠬᠦᠷᠳᠡᠭᠡᠬᠦ ᠠᠴᠢ ᠬᠣᠯᠪᠣᠭᠳᠠᠯ ᠲᠠᠶ ᠶᠤᠮ ᠃

        

      ᠲᠠᠷᠢᠶᠠᠴᠢᠨ ᠲᠦᠮᠡᠨ ‍ᠦ ᠢᠷᠠᠭᠤ ᠠᠯᠳᠠᠷ ᠢᠴᠢᠭᠦᠷᠢ ᠭᠤᠲᠤᠮᠰᠢᠭ ‍ᠢ ᠣᠶᠢᠯᠠᠭᠠᠨ ᠂ ᠮᠡᠷᠡᠶᠢᠨ ᠴᠢᠷᠮᠠᠶᠢᠬᠤ ᠳᠣᠲᠣᠭᠠᠳᠤ ᠬᠥᠳᠡᠯᠭᠡᠬᠦ ᠬᠦᠴᠦᠨ ‍ᠢ ᠬᠥᠭᠵᠢᠭᠡᠵᠦ ᠂ ᠶᠠᠳᠠᠭᠤ ᠬᠦᠴᠢᠷᠳᠡᠯᠲᠡᠶ ᠣᠯᠠᠨ ᠲᠦᠮᠡᠨ ‍ᠦ ᠰᠡᠳᠬᠢᠯ ‍ᠢ ᠲᠣᠯᠠᠭᠠᠴᠠᠭᠣᠯᠣᠨ ᠂ ᠶᠠᠳᠠᠭᠤ ᠶ᠋ᠢ ᠲᠡᠳᠬᠦᠬᠦ ᠲᠥᠷᠥ ᠶ᠋ᠢᠨ ᠪᠣᠳᠣᠯᠭ᠎ᠠ ᠶ᠋ᠢᠨ ᠦᠷ᠎ᠡ ᠠᠰᠢᠭ ‍ᠢ ᠨᠡᠮᠡᠭᠳᠡᠭᠦᠯᠵᠦ ᠂ ᠶᠠᠳᠠᠭᠤ ᠶ᠋ᠢ ᠲᠡᠳᠬᠦᠬᠦ ᠠᠵᠤ  ᠦᠢᠯᠡᠰ ‍ᠢ ᠬᠥᠭᠵᠢᠭᠦᠯᠬᠦ ᠬᠡᠷᠡᠭᠲᠡᠶ ᠃ ᠰᠢᠨ᠎ᠡ ᠴᠠᠭ ᠦᠶ᠎ᠡ ᠶ᠋ᠢᠨ ᠪᠣᠯᠪᠠᠰᠤᠨ ‍ᠤ ᠦᠢᠯᠡᠳᠦᠯᠭᠡ ᠶ᠋ᠢᠨ ᠠᠵᠢᠯᠯᠠᠭ᠎ᠠ ᠪᠣᠯᠣᠨ ᠶᠠᠳᠠᠭᠤ ᠡᠴᠠ ᠠᠩᠭᠢᠵᠢᠷᠠᠭᠣᠯᠣᠨ ᠪᠣᠭᠣᠮᠲᠠ ᠰᠢᠪᠲᠤᠯᠬᠤ ᠲᠠᠶ ᠤᠶᠠᠯᠳᠤᠭᠤᠯᠤᠨ ᠂ ᠮᠠᠨ ‍ᠤ ᠬᠣᠰᠢᠭᠣᠨ ᠤ 《 ᠣᠶᠣᠨ ᠣᠬᠠᠭᠠᠨ ᠢᠶᠠᠷ ᠶᠠᠳᠠᠭᠤ ᠶ᠋ᠢ ᠲᠡᠳᠬᠦᠬᠦ ᠲᠠᠪᠤᠨ ᠨᠢᠭᠡ 》 ᠶ᠋ᠢᠨ ᠠᠵᠢᠯ ‍ᠤᠨ ᠲᠣᠭᠲᠠᠴᠠ ᠪᠠᠷ ᠣᠯᠠᠨ ᠲᠦᠮᠡᠨ ‍ᠦ ᠴᠤᠭ ᠰᠦᠯᠳᠡ ᠶ᠋ᠢ ᠬᠥᠭᠵᠢᠭᠡᠨ᠎ᠡ ᠃ 《 ᠨᠢᠭᠡ ᠪᠣᠯᠵᠣᠭ᠎ᠠ 》 ᠲᠤᠬᠠᠶᠢᠯᠠᠪᠠᠯ 《 ᠲᠣᠰᠬᠣᠨ ‍ᠤ ᠳᠦᠷᠢᠮ ᠠᠷᠠᠳ ‍ᠤᠨ ᠰᠠᠬᠢᠯᠭ᠎ᠠ 》 ᠳ᠋ᠤ ᠵᠠᠰᠠᠪᠤᠷᠢ ᠣᠷᠣᠭᠤᠯᠤᠨ ᠲᠡᠭᠦᠯᠳᠡᠷᠵᠢᠭᠦᠯᠵᠦ ᠂ ᠡᠷᠡᠭᠦᠯ ᠬᠠᠮᠠᠭᠠᠯᠠᠯ ‍ᠢ ᠡᠷᠬᠢᠮᠯᠡᠬᠦ ᠥᠬᠡᠶ ᠵᠡᠷᠭᠡ ᠪᠣᠯᠬᠢ ᠮᠠᠭᠣᠬᠠᠢ ᠰᠤᠷᠲᠠᠯ ᠪᠣᠯᠤᠨ ᠬᠣᠴᠣᠷᠤᠩᠭᠤᠶ ᠵᠠᠩ ᠳᠠᠳᠬᠠᠯ ‍ᠢ ᠠᠷᠢᠯᠭᠠᠬᠣ ᠪᠣᠯᠣᠨ᠎ᠠ ᠃ 《 ᠨᠢᠭᠡ ᠶᠠᠷᠢᠶ᠎ᠠ 》 ᠳ᠋ᠤ 《 ᠢᠲᠡᠭᠡᠯ ᠵᠣᠷᠢᠭ ‍ᠢ ᠲᠡᠳᠬᠦᠬᠦ ᠂ ᠣᠶᠤᠨ ᠤᠬᠠᠭᠠᠨ ‍ᠢ ᠲᠡᠳᠬᠦᠬᠦ 》 ᠪᠡᠷ ᠭᠣᠤᠯᠳᠠᠯᠭ᠎ᠠ ᠪᠣᠯᠭᠠᠵᠤ ᠂ ᠬᠥᠳᠡᠭᠡ ᠲᠣᠰᠬᠣᠨ ‍ᠤ ᠪᠣᠯᠪᠠᠰᠤᠨ ᠰᠤᠷᠲᠠᠯ ‍ᠢ ᠤᠬᠠᠭᠤᠯᠤᠨ ᠲᠠᠶᠢᠯᠪᠤᠷᠢᠯᠠᠬᠤ ᠠᠵᠢᠯᠯᠠᠭ᠎ᠠ ᠶ᠋ᠢ ᠥᠷᠭᠡᠨ ‍ᠢᠶ᠋ᠡᠷ ᠵᠣᠬᠢᠶᠠᠨ ᠪᠠᠶᠢᠭᠣᠯᠣᠨ ᠦᠷᠨᠢᠭᠦᠯᠬᠦ ᠪᠣᠯᠣᠨ᠎ᠠ ᠃ 《 ᠨᠢᠭᠡ ᠦᠨᠡᠯᠡᠯᠳᠡ 》 ᠭᠡᠳᠡᠭ ᠨᠢ ᠳᠠᠷᠤᠶ ᠡᠯ᠎ᠡ ᠲᠥᠷᠥᠯ ‍ᠤᠨ ᠨᠡᠶᠢᠲᠡᠯᠢᠭ ᠵᠢᠱᠢᠶ᠎ᠡ ᠶ᠋ᠢ ᠦᠨᠡᠯᠡᠨ ᠰᠢᠯᠭᠠᠷᠠᠭᠤᠯᠵᠤ ᠂ 《 ᠢᠷᠠᠭᠤ ᠠᠯᠳᠠᠷ ᠢᠴᠢᠭᠦᠷᠢ ᠭᠤᠲᠤᠮᠰᠢᠭ ‍ᠢ ᠣᠶᠢᠯᠠᠭᠠᠨ ᠂ ᠲᠥᠪ ᠰᠤᠷᠲᠠᠯ ‍ᠢ ᠡᠷᠬᠢᠮᠯᠡᠵᠦ ᠂ ᠮᠡᠷᠡᠶᠢᠨ ᠴᠢᠷᠮᠠᠶᠢᠬᠤ 》 ᠢᠯᠡ ᠲᠣᠳᠣ ᠤᠳᠤᠷᠢᠳᠤᠮᠵᠢ ᠶ᠋ᠢ ᠪᠤᠢ ᠪᠣᠯᠭᠠᠬᠤ ᠶᠠᠪᠤᠳᠠᠯ ᠪᠣᠯᠤᠨ᠎ᠠ ᠃ 《 ᠨᠢᠭᠡ ᠳᠠᠭᠣᠷᠢᠶᠠᠯ 》 ᠭᠡᠳᠡᠭ ᠨᠢ ᠳᠠᠷᠤᠶ ᠡᠯ᠎ᠡ ᠲᠥᠷᠥᠯ ‍ᠤᠨ ᠲᠡᠷᠢᠭᠦᠨ ‍ᠦ ᠵᠢᠱᠢᠶᠡᠴᠢ ᠶ᠋ᠢᠨ ᠢᠷᠠᠭᠤ ᠠᠯᠳᠠᠷ ‍ᠤᠨ ᠵᠢᠭᠰᠠᠭᠠᠯᠳᠠ ᠭᠠᠷᠭᠠᠨ ᠂ 《 ᠬᠥᠮᠦᠨ ᠪᠦᠬᠦᠨ ᠰᠠᠶᠢᠨ ᠶᠠᠪᠤᠳᠠᠯ ᠬᠢᠵᠦ ᠂ ᠰᠠᠶᠢᠨ ᠶᠠᠪᠤᠳᠠᠯ ᠨᠡᠷᠡᠰ ‍ᠦᠨ ᠵᠢᠭᠰᠠᠭᠠᠯᠲᠠ ᠳ᠋ᠤ ᠣᠷᠣᠬᠤ ᠂ ᠰᠠᠶᠢᠨ ᠬᠥᠮᠦᠨ ᠰᠠᠶᠢᠨ ᠬᠠᠷᠢᠭᠤ ᠣᠯᠬᠤ 》 ᠭᠦᠨ ᠵᠤᠵᠠᠭᠠᠨ ᠠᠭᠤᠷ ᠠᠮᠢᠰᠬᠤᠯ ‍ᠢ ᠪᠤᠢ ᠪᠣᠯᠭᠠᠬᠤ ᠶᠠᠪᠤᠳᠠᠯ ᠪᠣᠯᠤᠨ᠎ᠠ ᠃ 《 ᠨᠢᠭᠡ ᠣᠨᠴᠠᠯᠢᠭ 》 ᠭᠡᠳᠡᠭ ᠨᠢ ᠳᠠᠷᠤᠶ ᠬᠠᠮᠲᠤ ᠶ᠋ᠢᠨ ᠰᠣᠶᠣᠯ ‍ᠤᠨ ᠠᠵᠢᠯᠯᠠᠭ᠎ᠠ ᠶ᠋ᠢ ᠥᠷᠨᠢᠭᠦᠯᠵᠦ ᠂ ᠬᠥᠳᠡᠭᠡ ᠲᠣᠰᠬᠣᠨ ‍ᠤ ᠪᠣᠯᠪᠠᠰᠤᠨ ‍ᠢ ᠬᠠᠮᠲᠤ ᠶ᠋ᠢᠨ ᠰᠣᠶᠣᠯ ‍ᠤᠨ ᠠᠵᠢᠯᠯᠠᠭ᠎ᠠ ᠲᠠᠶ ᠠᠳᠠᠯᠢ ᠪᠠᠶᠢᠷᠢᠨ ᠳ᠋ᠤ ᠲᠠᠯᠪᠢᠵᠤ ᠂ ᠠᠶᠠᠨᠳᠠᠭᠠᠨ ᠬᠡᠪ ᠵᠠᠩᠰᠢᠯ ᠪᠣᠯᠭᠠᠬᠤ ᠶᠠᠪᠤᠳᠠᠯ ᠪᠣᠯᠤᠨ᠎ᠠ ᠃

         


         

      ᠬᠣᠰᠢᠭᠣᠨ ᠤ ᠨᠠᠮ ‍ᠤᠨ ᠬᠣᠷᠢᠶᠠᠨ ‍ᠤ ᠪᠠᠶᠢᠩᠭᠤ ᠶ᠋ᠢᠨ ᠭᠡᠰᠢᠭᠦᠨ ᠂ ᠤᠬᠠᠭᠤᠯᠬᠤ ᠬᠡᠯᠲᠡᠰ ‍ᠦ ᠳᠠᠷᠤᠭ᠎ᠠ   ᠯᠢ ᠶᠠᠨ ᠾᠦᠢ ᠄   ᠮᠠᠨ ᠤ ᠬᠣᠰᠢᠭᠣ ᠶᠠᠳᠠᠭᠤ ᠡᠴᠠ ᠠᠩᠭᠢᠵᠢᠷᠠᠭᠣᠯᠣᠨ ᠪᠣᠭᠣᠮᠲᠠ ᠰᠢᠪᠲᠤᠯᠬᠤ ᠪᠠ ᠰᠢᠨ᠎ᠡ ᠴᠠᠭ ᠦᠶ᠎ᠡ ᠶ᠋ᠢᠨ ᠪᠣᠯᠪᠠᠰᠤᠨ ‍ᠤ ᠦᠢᠯᠡᠳᠦᠯᠭᠡ ᠶ᠋ᠢᠨ ᠠᠵᠢᠯᠯᠠᠭ᠎ᠠ ᠶ᠋ᠢ ᠠᠬᠢᠭᠤᠯᠬᠤ ᠳᠤᠮᠳᠠ ᠂ ᠶᠠᠳᠠᠭᠤ ᠶ᠋ᠢ ᠲᠡᠳᠬᠦᠬᠦ ᠶ᠋ᠢ ᠣᠶᠤᠨ ᠤᠬᠠᠭᠠᠨ ᠢᠶᠠᠷ ᠶᠠᠳᠠᠭᠣ ᠵᠢ ᠲᠡᠳᠬᠦᠬᠦ ᠲᠡᠶ ᠤᠶᠠᠯᠳᠤᠭᠤᠯᠵᠤ ᠂ ᠲᠠᠷᠢᠶᠠᠴᠢᠳ ‍ᠤᠨ ᠬᠡᠪ ᠴᠢᠨᠠᠷ ‍ᠢ ᠬᠦᠴᠦᠯᠡᠨ ᠳᠡᠭᠡᠭᠰᠢᠯᠡᠭᠦᠯᠵᠦ ᠂  ᠣᠶᠣᠨ ᠣᠬᠠᠭᠠᠨ ᠢᠶᠠᠷ ᠶᠠᠳᠠᠭᠤ ᠶ᠋ᠢ ᠲᠡᠳᠬᠦᠬᠦ ᠲᠠᠪᠤᠨ  ᠵᠦᠢᠯ ‍ᠦᠨ ᠠᠵᠢᠯ ‍ᠤᠨ ᠲᠣᠭᠲᠠᠴᠠ ᠶ᠋ᠢ ᠬᠡᠷᠡᠭᠵᠢᠭᠦᠯᠵᠡᠶ ᠃ ᠲᠣᠰᠬᠣᠨ ᠤ ᠲᠦᠷᠢᠮ ᠠᠷᠠᠳ ‍ᠤᠨ ᠰᠠᠬᠢᠯᠭ᠎ᠠ ᠶ᠋ᠢ ᠲᠣᠭᠲᠠᠭᠠᠨ ᠲᠡᠭᠦᠯᠳᠡᠷᠵᠢᠭᠦᠯᠬᠦ ᠪᠣᠯ ᠲᠠᠪᠤᠨ ᠨᠢᠭᠡ ᠶ᠋ᠢᠨ ᠡᠬᠢᠯᠡᠯᠲᠡ ᠪᠠ ᠰᠠᠭᠤᠷᠢ ᠪᠠᠶᠢᠵᠣ ᠂ ᠲᠣᠰᠬᠣᠨ ᠤ ᠲᠦᠷᠢᠮ ᠠᠷᠠᠳ ‍ᠤᠨ ᠰᠠᠬᠢᠯᠭ᠎ᠠ ᠶ᠋ᠢ ᠤᠬᠠᠭᠤᠯᠤᠨ ᠲᠠᠶᠢᠯᠪᠤᠷᠢᠯᠠᠬᠤ ᠪᠣᠯ ᠦᠨᠳᠦᠰᠦᠨ ᠠᠷᠭ᠎ᠠ ᠵᠠᠮ ᠪᠣᠯᠬᠣ ᠮᠦᠷᠳᠡᠭᠡᠨ ᠲᠡᠭᠦᠨ ‍ᠢ ᠨᠡᠷᠡᠰ ‍ᠦᠨ ᠵᠢᠭᠰᠠᠭᠠᠯᠲᠠ ᠳ᠋ᠤ ᠣᠷᠣᠭᠤᠯᠬᠤ ᠪᠣᠯ ᠭᠣᠤᠯ ᠬᠦᠳᠡᠯᠬᠡᠬᠦ ᠬᠦᠴᠦᠨ ᠪᠠ ᠵᠠᠩᠭᠢᠯᠠᠭ᠎ᠠ ᠮᠥᠨ ᠃ ᠡᠮᠦᠨᠡᠬᠢ ᠳᠥᠷᠪᠡᠨ ᠨᠢᠭᠡ ᠶ᠋ᠢᠨ ᠠᠵᠢᠯ ‍ᠢ ᠥᠷᠨᠢᠭᠦᠯᠬᠦ ᠶᠠᠪᠤᠴᠠ ᠳ᠋ᠤ ᠥᠪᠡᠷᠮᠢᠴᠡ ᠣᠨᠴᠠᠯᠢᠭ ᠪᠦᠬᠦᠢ ᠬᠠᠮᠲᠤ ᠶ᠋ᠢᠨ ᠰᠣᠶᠣᠯ ‍ᠤᠨ ᠠᠵᠢᠯᠯᠠᠭ᠎ᠠ ᠵᠢ ᠲᠣᠭᠣᠰᠢᠯᠠᠭᠣᠯᠵᠣ ᠪᠠᠶᠢᠨ᠎ᠠ ᠃ ᠵᠢᠯ ᠪᠦᠷᠢ ᠶ᠋ᠢᠨ ᠴᠠᠭᠠᠨ ᠰᠠᠷ᠎ᠠ ᠪᠣᠯᠬᠤ ᠪᠦᠷᠢ ᠮᠠᠨ ‍ᠤ ᠪᠥᠬᠥ ᠬᠣᠰᠢᠭᠤᠨ ‍ᠤ 300 ᠭᠠᠷᠤᠶ ᠭᠠᠴᠠᠭ᠎ᠠ ᠲᠣᠰᠬᠣᠨ ᠤ 200 ᠭᠠᠷᠤᠶ ᠲᠣᠰᠬᠣᠨ ‍ᠤ ᠠᠷᠠᠳ ᠬᠠᠮᠲᠤ ᠪᠠᠷ ᠴᠠᠭᠠᠨ ᠰᠠᠷ᠎ᠠ ᠢᠶᠡᠨ ᠦᠩᠭᠡᠷᠡᠭᠦᠯᠬᠦ ᠠᠵᠢᠯᠯᠠᠭ᠎ᠠ ᠥᠷᠨᠢᠭᠦᠯᠳᠡᠭ ᠂ ᠡᠨᠡᠬᠦ ᠠᠭᠣᠷ ᠠᠮᠢᠰᠬᠣᠯ ᠪᠠ ᠠᠴᠢ ᠬᠣᠯᠪᠣᠭᠳᠠᠯ ᠳᠣᠩ ᠰᠠᠶᠢᠨ ᠪᠠᠶᠢᠨ᠎ᠠ ᠃

     

ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ