ᠨᠠᠮ ‍ᠤᠨ ᠠᠷᠪᠠ ᠶᠢᠰᠦᠳᠦᠭᠡᠷ ᠬᠤᠭᠤᠴᠠᠭᠠᠨ ‍ᠤ ᠳᠥᠷᠪᠡᠳᠦᠭᠡᠷ ᠪᠥᠬᠥᠳᠡ ᠬᠤᠷᠠᠯ ‍ᠤᠨ ᠵᠣᠷᠢᠭ ᠰᠠᠨᠠᠭ᠎ᠠ ᠶ᠋ᠢ ᠰᠤᠷᠤᠯᠴᠠᠨ ᠲᠣᠭᠣᠰᠢᠯᠠᠭᠣᠯᠬᠣ ᠲᠦᠩᠯᠢᠶᠣᠣ ᠬᠣᠳᠠ ᠶ᠋ᠢᠨ ᠣᠬᠠᠭᠣᠯᠣᠨ ᠲᠠᠶᠢᠯᠪᠣᠷᠢᠯᠠᠬᠣ ᠪᠦᠯᠬᠦᠮ ᠮᠠᠨ ᠤ ᠬᠣᠰᠢᠭᠣᠨ ᠳ᠋ᠥ ᠢᠷᠡᠭᠰᠡᠨ

ᠣᠩᠰᠢᠭᠰᠠᠨ ᠤᠳᠠᠭ᠎ᠠ ᠄ 8786     ᠨᠡᠶᠢᠳᠡᠯᠡᠭᠰᠡᠨ ᠴᠠᠭ ᠄ 2019/12/3 8:51:50

     11 ᠳ᠋ᠣᠭᠡᠷ ᠰᠠᠷ᠎ᠠ ᠶ᠋ᠢᠨ 28 ‍ᠦ ᠡᠳᠦᠷ ᠂ ᠨᠠᠮ ‍ᠤᠨ ᠠᠷᠪᠠ ᠶᠢᠰᠦᠳᠦᠭᠡᠷ ᠬᠤᠭᠤᠴᠠᠭᠠᠨ ‍ᠤ ᠳᠥᠷᠪᠡᠳᠦᠭᠡᠷ ᠪᠥᠬᠥᠳᠡ ᠬᠤᠷᠠᠯ ‍ᠤᠨ ᠵᠣᠷᠢᠭ ᠰᠠᠨᠠᠭ᠎ᠠ ᠶ᠋ᠢ ᠰᠤᠷᠤᠯᠴᠠᠨ ᠲᠣᠭᠣᠰᠢᠯᠠᠭᠣᠯᠬᠣ ᠲᠦᠩᠯᠢᠶᠣᠣ ᠬᠣᠳᠠ ᠶ᠋ᠢᠨ ᠣᠬᠠᠭᠣᠯᠣᠨ ᠲᠠᠶᠢᠯᠪᠣᠷᠢᠯᠠᠬᠣ ᠪᠦᠯᠬᠦᠮ ᠤᠨ ᠮᠡᠳᠡᠭᠦᠯᠦᠯᠳᠡ ᠶ᠋ᠢᠨ ᠬᠣᠷᠠᠯ ᠮᠠᠨ ‍ᠤ ᠬᠣᠰᠢᠭᠤᠨ ᠳ᠋ᠤ ᠶᠠᠪᠣᠭᠳᠠᠵᠣ ᠂ ᠲᠦᠩᠯᠢᠶᠣᠤ ᠬᠣᠲᠠ ᠶ᠋ᠢᠨ ᠣᠬᠠᠭᠣᠯᠣᠨ ᠲᠠᠶᠢᠯᠪᠣᠷᠢᠯᠠᠬᠣ ᠪᠦᠯᠬᠦᠮ ᠤᠨ ᠭᠡᠰᠢᠭᠦᠨ ᠂ ᠬᠣᠲᠠ ᠶ᠋ᠢᠨ ᠨᠠᠮ ‍ᠤᠨ ᠬᠣᠷᠢᠶᠠᠨ ‍ᠤ ᠨᠠᠮ ‍ᠤᠨ ᠰᠤᠷᠭᠠᠭᠤᠯᠢ ᠳᠡᠳ᠋ ᠵᠠᠬᠢᠷᠣᠯ ᠂ ᠫᠷᠣᠹᠧᠰᠰᠣᠷ ᠵᠠᠩ ᠶᠠ ᠾᠦᠢ ᠤᠬᠠᠭᠤᠯᠤᠨ ᠲᠠᠶᠢᠯᠪᠤᠷᠢᠯᠠᠬᠤ ᠮᠡᠳᠡᠭᠦᠯᠦᠯᠲᠡ ᠬᠢᠵᠣ ᠂ ᠬᠣᠰᠢᠭᠤᠨ ‍ᠤ ᠤᠳᠤᠷᠢᠳᠤᠯᠭ᠎ᠠ ᠵᠠᠩ ᠬᠤᠸᠠ ᠂ ᠪᠦᠷᠢᠨ ᠵᠢᠴᠢ ᠬᠣᠰᠢᠭᠤᠨ ‍ᠤ ᠭᠠᠵᠠᠷ ᠤᠨ ᠲᠡᠰ ᠤᠨ ᠤᠳᠤᠷᠢᠳᠤᠯᠭ᠎ᠠ ᠨᠠᠷ ᠬᠤᠷᠠᠯ ᠳ᠋ᠤ ᠣᠷᠣᠯᠴᠠᠨ ᠂ ᠬᠣᠰᠢᠭᠣᠨ ᠤ ᠨᠠᠮ ‍ᠤᠨ ᠬᠣᠷᠢᠶᠠᠨ ‍ᠤ ᠪᠠᠶᠢᠩᠭᠤ ᠶ᠋ᠢᠨ ᠭᠡᠰᠢᠭᠦᠨ ᠂ ᠤᠬᠠᠭᠤᠯᠬᠤ ᠬᠡᠯᠲᠡᠰ ‍ᠦᠨ ᠳᠠᠷᠤᠭ᠎ᠠ ᠯᠢ ᠶᠠᠨ ᠾᠦᠢ ᠬᠤᠷᠠᠯ ‍ᠢ ᠡᠷᠬᠢᠯᠡᠭᠰᠡᠨ ᠪᠠᠶᠢᠨ᠎ᠠ ᠃

   

     ᠵᠠᠩ ᠶᠠ ᠾᠦᠢ 《 ᠤᠭ ᠰᠠᠨᠠᠭ᠎ᠠ ᠪᠠᠨ ᠦᠯᠦ ᠮᠠᠷᠲᠠᠵᠤ ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ 》 ᠭᠣᠤᠯ ᠰᠡᠳᠦᠪᠲᠦ ᠬᠥᠮᠦᠵᠢᠯ ‍ᠢ ᠬᠡᠷᠬᠢᠨ ᠭᠦᠨᠵᠡᠭᠡᠶᠢᠷᠡᠭᠦᠯᠬᠦ ᠪᠠᠷ ᠭᠣᠤᠯ ᠰᠡᠳᠦᠪ ᠪᠣᠯᠭᠠᠨ ᠂ ᠨᠠᠮ ‍ᠤᠨ ᠠᠷᠪᠠ ᠶᠢᠰᠦᠳᠦᠭᠡᠷ ᠬᠤᠭᠤᠴᠠᠭᠠᠨ ‍ᠤ ᠳᠥᠷᠪᠡᠳᠦᠭᠡᠷ ᠪᠥᠬᠥᠳᠡ ᠬᠤᠷᠠᠯ ‍ᠤᠨ ᠵᠣᠷᠢᠭ ᠰᠠᠨᠠᠭ᠎ᠠ ᠶ᠋ᠢ ᠭᠦᠨᠵᠡᠭᠡᠶ ᠪᠥᠭᠡᠳ ᠪᠦᠬᠦ ᠲᠠᠯ᠎ᠠ ᠪᠠᠷ ᠲᠠᠶᠢᠯᠪᠤᠷᠢᠯᠠᠵᠤ ᠂ ᠨᠠᠮ ‍ᠤᠨ ᠠᠷᠪᠠ ᠶᠢᠰᠦᠳᠦᠭᠡᠷ ᠬᠤᠭᠤᠴᠠᠭᠠᠨ ‍ᠤ ᠳᠥᠷᠪᠡᠳᠦᠭᠡᠷ ᠪᠥᠬᠥᠳᠡ ᠬᠤᠷᠠᠯ ‍ᠤᠨ ᠠᠬᠤᠶ ᠪᠠᠶᠢᠳᠠᠯ ᠂ ᠴᠢᠬᠤᠯᠠ ᠠᠭᠣᠯᠭ᠎ᠠ ᠂  ᠳᠡᠦᠬᠡᠳᠦ ᠠᠴᠢ ᠬᠣᠯᠪᠣᠭᠳᠠᠯ ᠵᠡᠷᠭᠡ ᠣᠯᠠᠨ ᠲᠠᠯ᠎ᠠ ᠡᠴᠠ ᠭᠣᠶᠢᠳᠠ ᠰᠠᠶᠢᠬᠠᠨ ᠥᠭᠦᠯᠡᠯᠲᠡ ᠬᠢᠵᠣ ᠂ ᠭᠣᠣᠯ ᠰᠡᠳᠦᠪ ᠨᠢ ᠢᠯᠡ ᠲᠣᠳᠣ ᠂ ᠳᠣᠲᠣᠭᠠᠳᠤ ᠠᠭᠤᠯᠬᠤᠨ ᠨᠢ ᠡᠯᠪᠡᠭ ᠪᠠᠶᠠᠯᠢᠭ ᠂ ᠭᠦᠨᠵᠡᠭᠡᠶ ᠪᠥᠭᠡᠳ ᠣᠶᠢᠯᠠᠭᠠᠮᠵᠢᠳᠠᠢ ᠲᠠᠶᠢᠯᠪᠤᠷᠢᠯᠠᠵᠤ ᠂ ᠪᠦᠬᠦ ᠬᠣᠰᠢᠭᠤᠨ ‍ᠤ ᠤᠳᠤᠷᠢᠳᠬᠤ ᠺᠠᠳ᠋ᠷᠴᠤᠳ ‍ᠤᠨ ᠨᠠᠮ ‍ᠤᠨ ᠠᠷᠪᠠ ᠶᠢᠰᠦᠳᠦᠭᠡᠷ ᠬᠤᠭᠤᠴᠠᠭᠠᠨ ‍ᠤ ᠳᠥᠷᠪᠡᠳᠦᠭᠡᠷ ᠪᠥᠬᠥᠳᠡ ᠬᠤᠷᠠᠯ ‍ᠤᠨ ᠵᠣᠷᠢᠭ ᠰᠠᠨᠠᠭ᠎ᠠ ᠶ᠋ᠢ ᠤᠯᠠᠮ ᠨᠢᠭᠡ ᠠᠯᠬᠤᠮ ᠰᠤᠷᠤᠯᠴᠠᠨ ᠣᠶᠢᠯᠠᠭᠠᠵᠤ ᠂ ᠳᠣᠭᠣᠰᠢᠯᠠᠭᠣᠯᠣᠨ ᠨᠠᠶᠢᠳᠠᠪᠣᠷᠢᠵᠢᠭᠣᠯᠬᠣ ᠳ᠋ᠤ ᠴᠢᠬᠤᠯᠠ ᠠᠴᠢ ᠬᠣᠯᠪᠣᠭᠳᠠᠯ ᠲᠠᠶ ᠶᠤᠮ ᠃

   

     ᠬᠣᠰᠢᠭᠣᠨ ᠤ ᠨᠠᠮ ‍ᠤᠨ ᠬᠣᠷᠢᠶᠠᠨ ‍ᠤ ᠨᠠᠮ ‍ᠤᠨ ᠰᠤᠷᠭᠠᠭᠤᠯᠢ ᠶ᠋ᠢᠨ ᠪᠠᠭᠰᠢ    ᠯᠢ ᠶᠠᠨ ᠄ ᠡᠨᠡ ᠣᠳᠠᠭᠠᠨ ᠤ ᠰᠤᠷᠤᠯᠴᠠᠯᠭ᠎ᠠ ᠪᠠᠷ ᠳᠠᠮᠵᠢᠨ ᠂ ᠪᠢᠳᠡ ᠳᠥᠷᠪᠡᠳᠦᠭᠡᠷ ᠪᠥᠬᠥᠳᠡ ᠬᠤᠷᠠᠯ ‍ᠢ ᠣᠶᠢᠯᠠᠭᠠᠵᠤ ᠂ ᠳᠤᠮᠳᠠᠳᠤ ᠤᠯᠤᠰ ᠤᠨ ᠣᠨᠴᠠᠯᠢᠭ ᠲᠠᠶ ᠨᠡᠶᠢᠭᠡᠮ ᠵᠢᠷᠤᠮ ‍ᠤᠨ ᠲᠣᠭᠳᠠᠴᠠ ‍ᠤᠨ ᠳᠠᠪᠠᠭᠤᠯᠢᠭ ‍ᠢ ᠲᠣᠳᠣᠷᠬᠠᠶᠢᠯᠠᠪᠠ ᠃ ᠮᠠᠨ ‍ᠤ ᠲᠣᠭᠳᠠᠴᠠ ᠶ᠋ᠢᠨ ᠢᠲᠡᠭᠡᠯ ‍ᠢ ᠨᠡᠮᠡᠭᠳᠡᠭᠦᠯᠦᠭᠰᠡᠨ ‍ᠢᠶ᠋ᠡᠷ ᠪᠠᠷᠠᠬᠣ ᠦᠭᠡᠢ ᠮᠠᠨ ‍ᠤ ᠨᠠᠮ ‍ᠤᠨ ᠭᠡᠰᠢᠭᠦᠨ ᠨᠢᠭᠡᠪᠦᠷᠢ ᠂ ᠠᠷᠠᠳ ᠣᠯᠠᠨ ᠴᠤ ᠪᠦᠷ ᠳᠤᠮᠳᠠᠳᠤ ᠤᠯᠤᠰ ᠤᠨ ᠡᠪ ᠬᠠᠮᠲᠤ ᠨᠠᠮ ‍ᠤᠨ ᠤᠳᠤᠷᠢᠳᠤᠯᠭ᠎ᠠ ᠶ᠋ᠢᠨ ᠳᠠᠪᠠᠭᠤᠯᠢᠭ ᠴᠢᠨᠠᠷ ‍ᠢ ᠣᠶᠢᠯᠠᠭᠠᠵᠤ ᠴᠢᠳᠠᠬᠤ ᠪᠣᠯᠵᠠᠶ ᠃

     ᠨᠠᠮ ‍ᠤᠨ ᠠᠷᠪᠠ ᠶᠢᠰᠦᠳᠦᠭᠡᠷ ᠬᠤᠭᠤᠴᠠᠭᠠᠨ ‍ᠤ ᠳᠥᠷᠪᠡᠳᠦᠭᠡᠷ ᠪᠥᠬᠥᠳᠡ ᠬᠤᠷᠠᠯ ‍ᠤᠨ ᠵᠣᠷᠢᠭ ᠰᠠᠨᠠᠭ᠎ᠠ ᠶ᠋ᠢ ᠰᠤᠷᠤᠯᠴᠠᠨ ᠲᠣᠭᠣᠰᠢᠯᠠᠭᠣᠯᠬᠣ ᠲᠣᠭᠣᠷᠢᠨ ᠳ᠋ᠥ ᠂ ᠮᠠᠨ ‍ᠤ ᠬᠣᠰᠢᠭᠤ ᠤᠬᠠᠭᠤᠯᠤᠨ ᠲᠠᠶᠢᠯᠪᠤᠷᠢᠯᠠᠬᠤ ᠠᠵᠢᠯ ‍ᠤᠨ ᠲᠥᠰᠦᠯ ‍ᠢ ᠳᠣᠰᠠᠭᠠᠶᠢᠯᠠᠨ ᠲᠣᠭᠲᠠᠭᠠᠵᠤ ᠂ ᠤᠨᠤᠯ ᠤᠨ ᠬᠢᠷᠢ ᠲᠦᠪᠰᠢᠨ ᠥᠨᠳᠥᠷ ᠂ ᠤᠬᠠᠭᠤᠯᠤᠨ ᠲᠠᠶᠢᠯᠪᠤᠷᠢᠯᠠᠬᠤ ᠴᠢᠳᠠᠪᠤᠷᠢ ᠪᠠᠷ ᠴᠢᠩᠭ᠎ᠠ ᠨᠠᠮ ‍ᠤᠨ ᠭᠡᠰᠢᠭᠦᠨ ‍ᠢ ᠬᠣᠰᠢᠭᠣᠨ ᠤ ᠨᠠᠮ ᠤᠨ ᠬᠣᠷᠢᠶᠠᠨ ᠤ ᠣᠬᠠᠭᠣᠯᠣᠨ ᠲᠠᠶᠢᠯᠪᠣᠷᠢᠯᠠᠬᠣ ᠪᠦᠯᠬᠦᠮ ᠂ ᠤᠨᠤᠯ ᠤᠨ ᠬᠣᠰᠢᠭᠤᠴᠢ ᠰᠠᠶᠢᠨ ᠳᠤᠷ᠎ᠠ ᠶ᠋ᠢᠨ ᠤᠬᠠᠭᠤᠯᠤᠨ ᠲᠠᠶᠢᠯᠪᠤᠷᠢᠯᠠᠬᠤ ᠰᠠᠯᠪᠤᠷᠢ ᠠᠩᠭᠢ ᠶ᠋ᠢ ᠵᠣᠬᠢᠶᠠᠨ ᠪᠠᠶᠢᠭᠤᠯᠵᠤ ᠂ ᠪᠦᠬᠦ ᠬᠣᠰᠢᠭᠤᠨ ‍ᠤ ᠬᠡᠪᠴᠢᠶᠡᠨ ᠳ᠋ᠦ ᠨᠠᠮ ‍ᠤᠨ ᠠᠷᠪᠠ ᠶᠢᠰᠦᠳᠦᠭᠡᠷ ᠬᠤᠭᠤᠴᠠᠭᠠᠨ ‍ᠤ ᠳᠥᠷᠪᠡᠳᠦᠭᠡᠷ ᠪᠥᠬᠥᠳᠡ ᠬᠤᠷᠠᠯ ‍ᠤᠨ ᠵᠣᠷᠢᠭ ᠰᠠᠨᠠᠭ᠎ᠠ ᠶ᠋ᠢ ᠠᠵᠤ ᠠᠬᠤᠶᠢᠯᠠᠯ ᠂ ᠮᠠᠯᠵᠢᠬᠤ ᠲᠠᠷᠢᠶᠠᠯᠠᠬᠤ ᠣᠷᠣᠨ ᠂ ᠪᠠᠶᠢᠭᠤᠯᠭ᠎ᠠ ᠂ ᠰᠤᠷᠭᠠᠭᠤᠯᠢ ᠶ᠋ᠢᠨ ᠬᠦᠷᠢᠶ᠎ᠡ ᠂ ᠨᠡᠶᠢᠭᠡᠮ ᠲᠣᠭᠣᠷᠢᠭ ᠂ ᠴᠡᠷᠢᠭ ᠤᠨ ᠬᠣᠷᠢᠶ᠎ᠠ ᠂  ᠰᠦᠯᠵᠢᠶ᠎ᠡ ᠵᠡᠷᠭᠡ 《 ᠲᠣᠯᠣᠭ᠎ᠠ ᠳ᠋ᠥ ᠬᠦᠷᠭᠡᠬᠦ 》 ᠬᠥᠳᠡᠯᠭᠡᠭᠡᠨ ‍ᠢ ᠵᠣᠬᠢᠶᠠᠨ ᠪᠠᠶᠢᠭᠤᠯᠤᠨ ᠥᠷᠨᠢᠭᠦᠯᠵᠦ ᠂ ᠪᠦᠬᠦ ᠬᠣᠰᠢᠭᠤᠨ ᠳ᠋ᠤ ᠨᠠᠮ ‍ᠤᠨ ᠠᠷᠪᠠ ᠶᠢᠰᠦᠳᠦᠭᠡᠷ ᠬᠤᠭᠤᠴᠠᠭᠠᠨ ‍ᠤ ᠳᠥᠷᠪᠡᠳᠦᠭᠡᠷ ᠪᠥᠬᠥᠳᠡ ᠬᠤᠷᠠᠯ ‍ᠤᠨ ᠵᠣᠷᠢᠭ ᠰᠠᠨᠠᠭ᠎ᠠ ᠶ᠋ᠢ ᠰᠤᠷᠤᠯᠴᠠᠨ ᠲᠣᠭᠣᠰᠢᠯᠠᠭᠣᠯᠬᠣ ᠠᠵᠢᠯᠯᠠᠭ᠎ᠠ ᠶ᠋ᠢ ᠥᠷᠨᠢᠭᠦᠯᠪᠡ ᠃

   

    ᠬᠣᠰᠢᠭᠤᠨ ᠤ ᠰᠢᠭᠤᠳ ᠬᠠᠷᠢᠶ᠎ᠠ ᠂ ᠲᠦᠪ ᠣᠷᠣᠨ ᠬᠣᠲᠠ ᠶ᠋ᠢᠨ ᠰᠢᠭᠤᠳ ᠬᠠᠷᠢᠶ᠎ᠠ ᠨᠢᠭᠡᠴᠡ ᠂ ᠡᠯ᠎ᠡ ᠰᠤᠮᠤ ᠰᠢᠶᠠᠩ ᠪᠠᠯᠭᠠᠰᠤ ᠳᠠᠯᠠᠪᠣᠷ ᠵᠡᠭᠡᠯᠢ ᠭᠤᠳᠤᠮᠵᠢ ᠶ᠋ᠢᠨ ᠭᠣᠤᠯ ᠬᠠᠷᠢᠭᠤᠴᠠᠯᠭᠠᠲᠠᠨ ᠂ ᠨᠠᠮ ‍ᠤᠨ ᠠᠷᠪᠠ ᠶᠢᠰᠦᠳᠦᠭᠡᠷ ᠬᠤᠭᠤᠴᠠᠭᠠᠨ ‍ᠤ ᠳᠥᠷᠪᠡᠳᠦᠭᠡᠷ ᠪᠥᠬᠥᠳᠡ ᠬᠤᠷᠠᠯ ‍ᠤᠨ ᠵᠣᠷᠢᠭ ᠰᠠᠨᠠᠭ᠎ᠠ ᠶ᠋ᠢ ᠰᠤᠷᠤᠯᠴᠠᠨ ᠲᠣᠭᠣᠰᠢᠯᠠᠭᠣᠯᠬᠣ ᠨᠠᠢᠮᠠᠨ ᠬᠣᠰᠢᠭᠤᠨ ‍ᠤ ᠣᠬᠠᠭᠣᠯᠣᠨ ᠲᠠᠶᠢᠯᠪᠣᠷᠢᠯᠠᠬᠣ ᠪᠦᠯᠬᠦᠮ ᠤᠨ ᠭᠡᠰᠢᠬᠦᠨ ᠵᠢᠴᠢ ᠤᠯᠤᠰ ᠲᠥᠷᠥ ᠬᠠᠤᠯᠢ ᠴᠠᠭᠠᠵᠠ ᠵᠡᠷᠭᠡ 14 ᠭᠣᠤᠯᠳᠠᠯᠭ᠎ᠠ ᠲᠠᠶ ᠨᠢᠭᠡᠴᠡ ᠶ᠋ᠢᠨ ᠨᠠᠮ ‍ᠤᠨ ᠭᠡᠰᠢᠭᠦᠨ ᠺᠠᠳ᠋ᠷ ᠣᠷᠣᠯᠴᠠᠭᠰᠠᠨ ᠪᠠᠶᠢᠨ᠎ᠠ ᠃
ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ