ᠳᠠᠴᠢᠨᠲᠠᠯ᠎ᠠ ᠵᠡᠭᠡᠯᠢ ᠭᠤᠳᠤᠮᠵᠢ ᠶ᠋ᠢᠨ ᠹᠦ᠋ ᠺᠠᠩ ᠨᠡᠶᠢᠭᠡᠮ ᠲᠣᠭᠣᠷᠢᠭ ‍ᠤᠨ ᠰᠠᠭᠤᠭᠠᠯᠢ ᠠᠷᠠᠳ ᠰᠠᠶᠢᠨ ᠳᠤᠷ᠎ᠠ ᠡᠴᠠ ᠪᠠᠨ ᠭᠠᠷ ᠬᠦᠳᠡᠯᠦᠯᠴᠡᠨ ᠵᠠᠮ ᠳᠡᠪᠢᠰᠴᠦ ᠪᠠᠶᠢᠭ᠎ᠠ

ᠣᠩᠰᠢᠭᠰᠠᠨ ᠤᠳᠠᠭ᠎ᠠ ᠄ 10049     ᠨᠡᠶᠢᠳᠡᠯᠡᠭᠰᠡᠨ ᠴᠠᠭ ᠄ 2019/11/20 10:13:13

     ᠪᠦᠬᠦ ᠬᠣᠰᠢᠭᠤᠨ ᠤ 《 ᠰᠠᠭᠤᠭᠠᠯᠢ ᠠᠷᠠᠳ ‍ᠤᠨ ᠵᠠᠬᠢᠶᠠᠯᠭ᠎ᠠ ᠵᠢ ᠰᠠᠯᠠᠭ᠎ᠠ ᠮᠥᠴᠢᠷ ᠲᠠᠭᠠᠭᠣᠯᠣᠨ ᠭᠦᠢᠴᠡᠳᠭᠡᠬᠦ 》 ᠣᠯᠠᠨ ᠲᠦᠮᠡᠨ ᠦ ᠪᠣᠳᠠᠳᠣ ᠬᠦᠴᠢᠷᠳᠡᠯ ‍ᠢ ᠰᠢᠢᠳᠪᠦᠷᠢᠯᠡᠬᠦ ᠵᠠᠭᠤᠨ ᠡᠳ᠋ᠦᠷ ᠦᠨ ᠪᠣᠭᠣᠮᠲᠠ ᠰᠢᠪᠲᠤᠯᠬᠤ ᠠᠵᠢᠯᠯᠠᠭ᠎ᠠ ᠳᠤᠮᠳᠠ ᠂ ᠲᠠᠴᠢᠨᠲᠠᠯ᠎ᠠ ᠵᠡᠭᠡᠯᠢ ᠭᠤᠳᠤᠮᠵᠢ ᠶ᠋ᠢᠨ ᠹᠦ᠋ ᠺᠠᠩ  ᠨᠡᠶᠢᠭᠡᠮ ᠲᠣᠭᠣᠷᠢᠭ ᠤᠨ ᠰᠠᠭᠤᠭᠠᠯᠢ ᠠᠷᠠᠳ ᠢᠳᠡᠪᠬᠢᠲᠡᠢ ᠬᠥᠳᠡᠯᠦᠯᠴᠡᠵᠦ ᠂ ᠥᠪᠡᠷ ᠢᠶᠡᠨ ᠭᠠᠷ ᠬᠥᠳᠡᠯᠦᠨ ᠭᠡᠷ ᠦᠨ ᠡᠭᠦᠳᠡᠨ ᠳᠡᠬᠢ ᠲᠣᠭᠣᠰᠬᠠᠨ ᠵᠠᠮ ᠢᠶᠡᠨ ᠳᠡᠪᠢᠰᠴᠦ ᠂ ᠡᠷᠡᠭᠦᠯ ᠬᠠᠮᠠᠭᠠᠯᠠᠯ ᠤᠨ ᠪᠣᠯᠪᠠᠰᠤᠨ ᠬᠣᠲᠠ ᠶ᠋ᠢ ᠪᠠᠶᠢᠭᠣᠯᠬᠣ ᠳ᠋ᠥ ᠦᠴᠦᠬᠡᠨ ᠬᠣᠪᠢ ᠨᠡᠮᠡᠷᠢ ᠦᠵᠡᠭᠦᠯᠦᠨ᠎ᠡ ᠃

   

     ᠹᠦ᠋ ᠺᠠᠩ ᠨᠡᠶᠢᠬᠡᠮ ᠲᠣᠭᠣᠷᠢᠭ ᠤᠨ ᠵᠢᠵᠢᠭ ᠭᠤᠳᠤᠮᠵᠢ ᠪᠠᠷ ᠣᠷᠣᠬᠤ ᠳᠤ ᠂ ᠤᠳᠬᠤᠭᠤᠷ ᠲᠡᠷᠭᠡ ᠶᠠᠭ ᠰᠢᠷᠣᠶ ᠲᠡᠭᠰᠢᠯᠡᠨ ᠂ ᠲᠣᠭᠣᠰᠬ᠎ᠠ ᠵᠥᠭᠡᠭᠡᠪᠦᠷᠢᠯᠡᠵᠦ ᠂ ᠨᠡᠶᠢᠬᠡᠮ ᠲᠣᠭᠣᠷᠢᠭ ᠤᠨ ᠰᠠᠭᠤᠭᠠᠯᠢ ᠠᠷᠠᠳ ᠨᠢᠩ ᠼᠦᠢ ᠯᠠᠨ ᠵᠡᠷᠭᠡᠯᠡᠳᠡᠭᠡ ᠠᠶᠢᠯ ᠤᠨ ᠬᠢᠨ ᠲᠠᠢ ᠪᠠᠨ ᠳᠣᠭᠣᠰᠬᠠᠨ ᠵᠠᠮ ᠲᠡᠪᠢᠰᠬᠦ ᠬᠠᠷᠠᠭᠳᠠᠨ᠎ᠠ ᠃ ᠶᠠᠪᠤᠵᠤ ᠰᠠᠭᠤᠬᠤ ᠬᠦᠴᠢᠷ ᠠᠰᠠᠭᠤᠳᠠᠯ ᠢ ᠰᠢᠢᠳᠪᠦᠷᠢᠯᠡᠬᠦ ᠶ᠋ᠢᠨ ᠲᠥᠯᠥᠭᠡ ᠂ ᠨᠠᠮ ᠤᠨ ᠭᠡᠰᠢᠭᠦᠨ ᠪᠣᠯᠤᠭᠰᠠᠨ ᠨᠢᠩ ᠼᠦᠢ ᠯᠠᠨ ᠣᠶᠢᠷ᠎ᠠ ᠬᠠᠪᠢ ᠶ᠋ᠢᠨ ᠰᠠᠭᠤᠭᠠᠯᠢ ᠠᠷᠠᠳ ᠲᠠᠶ ᠢᠳᠡᠪᠬᠢᠲᠡᠢ ᠬᠦᠳᠡᠯᠦᠯᠴᠡᠨ ᠂ ᠵᠡᠭᠡᠯᠢ ᠭᠤᠳᠤᠮᠵᠢ ᠡᠴᠠ ᠭᠤᠶᠤᠴᠢᠯᠠᠯ ᠭᠠᠷᠭᠠᠵᠤ ᠂ ᠭᠡᠷ ᠦᠨ ᠡᠮᠦᠨᠡᠬᠢ ᠵᠠᠮ ᠵᠢ ᠨᠢ ᠴᠤ ᠵᠠᠰᠠᠨ ᠰᠡᠯᠪᠢᠬᠦ ᠬᠡᠪᠴᠢᠶᠡᠨ ᠳᠦ ᠣᠷᠣᠭᠤᠯᠵᠠᠶ ᠃ ᠡᠨᠡ ᠬᠡᠳ᠋ᠦᠨ ᠡᠳ᠋ᠦᠷ ᠂ 17 ᠡᠷᠦᠬᠡ ᠰᠠᠭᠤᠭᠠᠯᠢ ᠠᠷᠠᠳ ᠢᠳᠡᠪᠬᠢᠲᠡᠢ ᠬᠥᠳᠡᠯᠦᠯᠴᠡᠵᠦ ᠂ ᠵᠠᠮ ᠲᠡᠪᠢᠰᠴᠣ ᠪᠠᠶᠢᠭ᠎ᠠ ᠨᠢ ᠡᠨᠡ ᠪᠢᠯᠡ ᠃

  

      ᠹᠦ᠋ ᠺᠠᠩ ᠨᠡᠶᠢᠬᠡᠮ ᠲᠣᠭᠣᠷᠢᠭ ᠤᠨ ᠰᠠᠭᠤᠭᠠᠯᠢ ᠠᠷᠠᠳ ᠨᠢᠩ ᠼᠦᠢ ᠯᠠᠨ ᠄ ᠮᠠᠨ ᠤ ᠡᠨᠡ ᠵᠠᠮ ᠪᠣᠷᠣᠭ᠎ᠠ ᠣᠷᠣᠮᠠᠭᠴᠠ ᠪᠦᠷ ᠰᠢᠪᠡᠷ ᠪᠠᠯᠴᠢᠭ ᠲᠠᠶ ᠂ ᠶᠠᠪᠣᠵᠣ ᠰᠠᠭᠣᠬᠣ ᠳ᠋ᠥ ᠲᠦᠢᠯ ᠤᠨ ᠲᠦᠭᠦᠮ ᠦᠭᠡᠢ ᠪᠠᠶᠢᠵᠣ ᠂ ᠪᠢ ᠬᠠᠷᠢᠵᠤ ᠢᠷᠡᠭᠡᠳ ᠣᠶᠢᠷ᠎ᠠ ᠣᠷᠴᠢᠮ ᠤᠨ ᠰᠠᠭᠤᠭᠠᠯᠢ ᠠᠷᠠᠳ ᠲᠠᠶ ᠵᠥᠪᠳᠡᠯᠴᠡᠵᠦ ᠂ ᠮᠠᠨ ᠤ ᠡᠨᠡ ᠣᠷᠴᠢᠮ ᠤᠨ ᠠᠷᠪᠠᠨ ᠳᠣᠯᠣᠭᠠᠨ ᠡᠷᠦᠬᠡ ᠬᠠᠮᠳᠣ ᠳ᠋ᠠᠭᠠᠨ ᠡᠮᠦᠨ᠎ᠡ ᠬᠡᠳᠦᠨ ᠡᠳᠦᠷ ᠡᠴᠡ ᠠᠵᠢᠯ ᠡᠬᠢᠯᠡᠭᠦᠯᠵᠦ ᠂ ᠮᠠᠷᠭᠠᠰᠢ ᠨᠢᠭᠡ ᠦᠳᠡ ᠶ᠋ᠢᠨ ᠡᠮᠦᠨ᠎ᠡ ᠲᠡᠪᠢᠰᠪᠡᠯ ᠲᠠᠭᠣᠰᠬᠠᠴᠢᠬᠠᠨ᠎ᠠ ᠃

  

      ᠶᠠᠪᠤᠵᠤ ᠰᠠᠭᠤᠬᠤ ᠬᠦᠴᠢᠷ ᠠᠰᠠᠭᠤᠳᠠᠯ ᠢ ᠬᠦᠴᠦᠯᠡᠨ ᠰᠢᠢᠳᠪᠦᠷᠢᠯᠡᠬᠦ ᠶ᠋ᠢᠨ ᠲᠥᠯᠥᠭᠡ ᠂ ᠲᠠᠴᠢᠨᠲᠠᠯ᠎ᠠ ᠵᠡᠭᠡᠯᠢ ᠭᠤᠳᠤᠮᠵᠢ ᠶ᠋ᠢᠨ ᠹᠦ᠋ ᠺᠠᠩ   ᠨᠡᠶᠢᠭᠡᠮ  ᠲᠣᠭᠣᠷᠢᠭ 《 ᠰᠠᠭᠤᠭᠠᠯᠢ ᠠᠷᠠᠳ ‍ᠤᠨ ᠵᠠᠬᠢᠶᠠᠯᠠᠭ᠎ᠠ ᠵᠢ ᠰᠠᠯᠠᠭ᠎ᠠ ᠮᠥᠴᠢᠷ ᠳᠠᠭᠠᠭᠤᠯᠤᠨ ᠭᠦᠢᠴᠡᠳᠭᠡᠬᠦ 》 ᠵᠢ ᠠᠰᠢᠭᠯᠠ ᠣᠯᠠᠨ ᠲᠦᠮᠡᠨ ᠦ ᠵᠠᠭᠤᠨ ᠡᠳ᠋ᠦᠷ ᠦᠨ ᠪᠣᠭᠣᠮᠲᠠ ᠰᠢᠪᠲᠤᠯᠬᠤ ᠠᠵᠢᠯᠯᠠᠭ᠎ᠠ ᠶ᠋ᠢ ᠥᠷᠨᠢᠭᠦᠯᠵᠦ ᠂ ᠬᠠᠷᠢᠶᠠᠲᠤ ᠣᠷᠣᠨ ᠤ ᠰᠠᠭᠤᠭᠠᠯᠢ ᠠᠷᠠᠳ ᠢ ᠥᠷᠭᠡᠨ ᠢᠶ᠋ᠡᠷ  ᠲᠠᠶᠢᠴᠢᠯᠡᠨ  ᠭᠡᠷ ᠦᠨ ᠡᠭᠦᠳᠡᠨ ᠳ᠋ᠥ ᠲᠣᠭᠣᠰᠬᠠᠨ ᠵᠠᠮ ᠳᠡᠪᠢᠰᠴᠦ ᠂ ᠵᠠᠰᠠᠭ ᠤᠨ ᠣᠷᠳᠣᠨ ᠡᠴᠠ ᠲᠣᠭᠣᠰᠬ᠎ᠠ ᠬᠠᠩᠭᠠᠨ ᠂ ᠭᠤᠳᠤᠮᠵᠢ ᠶ᠋ᠢᠨ ᠵᠠᠮ ᠤᠨ ᠰᠠᠭᠤᠷᠢ ᠶ᠋ᠢ ᠡᠮᠬᠢᠯᠡᠬᠦ ᠠᠵᠢᠯ ᠢ ᠬᠠᠷᠢᠭᠤᠴᠠᠵᠤ ᠂  ᠨᠡᠶᠢᠭᠡᠮ  ᠲᠣᠭᠣᠷᠢᠭ ᠤᠨ ᠰᠠᠭᠤᠭᠠᠯᠢ ᠠᠷᠠᠳ  ᠰᠠᠶᠢᠨ ᠳᠤᠷ᠎ᠠ ᠡᠴᠠ ᠪᠠᠨ ᠠᠵᠢᠯ ᠳ᠋ᠥ ᠣᠷᠣᠯᠴᠠᠨ ᠵᠣᠭᠣᠰ ᠭᠠᠷᠭᠠᠵᠣ ᠲᠣᠭᠣᠰᠬ᠎ᠠ ᠳᠡᠪᠢᠰᠪᠡ ᠃ ᠤᠳᠤ ᠪᠣᠯᠲᠠᠯ᠎ᠠ ᠂ ᠹᠦ᠋ ᠺᠠᠩ ᠨᠡᠶᠢᠬᠡᠮ ᠲᠣᠭᠣᠷᠢᠭ ᠤᠨ ᠣᠯᠠᠨ ᠲᠦᠮᠡᠨ ᠦᠪᠡᠷᠰᠡᠳ ᠢᠶᠡᠨ 13 ᠵᠤᠷᠪᠤᠰ ᠭᠤᠳᠤᠮᠵᠢ ᠲᠠᠪᠢᠰᠴᠣ ᠂  ᠨᠡᠶᠢᠲᠡ 1108 ᠤᠷᠲᠤᠳᠬᠠᠯ ᠮᠧᠲ᠋ᠷ ᠂ 4757 ᠲᠡᠭᠰᠢ ᠳᠥᠷᠪᠡᠯᠵᠢᠨ ᠮᠧᠲ᠋ᠷ ᠲᠦ ᠬᠦᠷᠦᠭᠰᠡᠨ ᠪᠠᠶᠢᠨ᠎ᠠ ᠃
ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ