ᠵᠠᠡᠭ ᠬᠣᠸᠠ ᠭᠣᠷᠪᠠᠬᠣᠸᠠ ᠰᠣᠮᠣ ᠳ᠋ᠥ ᠭᠦᠨᠵᠡᠭᠡᠶᠢᠷᠡᠨ ᠶᠠᠳᠠᠭᠣ ᠡᠴᠠ ᠠᠡᠭᠭᠢᠵᠢᠷᠠᠭᠣᠯᠣᠨ ᠪᠣᠭᠣᠮᠳᠠ ᠰᠢᠪᠳᠣᠯᠬᠣ ᠲᠠᠶᠢᠯᠠᠯᠳᠣᠭᠠᠨ ᠳ᠋ᠥ ᠪᠠᠶᠢᠴᠠᠭᠠᠨ ᠰᠣᠳᠣᠯᠣᠯᠳᠠ ᠬᠢᠭᠰᠡᠨ

ᠣᠩᠰᠢᠭᠰᠠᠨ ᠤᠳᠠᠭ᠎ᠠ ᠄ 10060     ᠨᠡᠶᠢᠳᠡᠯᠡᠭᠰᠡᠨ ᠴᠠᠭ ᠄ 2019/11/20 9:19:34

     11 ᠰᠠᠷ᠎ᠠ ᠶ᠋ᠢᠨ 14 ᠦ ᠡᠳ᠋ᠦᠷ ᠂ ᠬᠣᠰᠢᠭᠣᠨ ‍ᠤ ᠨᠠᠮ ᠤᠨ ᠬᠣᠷᠢᠶᠠᠨ ᠤ ᠱᠦᠵᠢ ᠵᠠᠩ ᠬᠤᠸᠠ  ᠭᠣᠷᠪᠠᠬᠣᠸᠠ ᠰᠤᠮᠤ ᠳᠤ ᠭᠦᠨᠵᠡᠭᠡᠶᠢᠷᠡᠨ  ᠶᠠᠳᠠᠭᠤ ᠡᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ  ᠳᠠᠶᠢᠯᠠᠯᠳᠣᠭᠠᠨ  ᠢ  ᠪᠠᠶᠢᠴᠠᠭᠠᠨ ᠰᠤᠳᠤᠯᠵᠤ  ᠬᠢᠨᠠᠨ ᠵᠢᠯᠣᠭᠣᠳᠣᠯᠭ᠎ᠠ ᠬᠢᠬᠦ  ᠬᠠᠮᠳᠣ ᠴᠢᠡᠭᠭᠠᠳᠬᠠᠭᠰᠠᠨ ᠨᠢ ᠂ ᠬᠠᠷᠠᠯᠲᠠ ᠪᠠᠨ ᠪᠠᠲᠤ ᠴᠡᠭᠡᠵᠢᠯᠡᠵᠦ ᠂ ᠡᠷᠴᠢ ᠵᠣᠷᠢᠭ ᠢᠶᠡᠨ ᠬᠥᠪᠴᠢᠯᠡᠵᠦ ᠂ ᠬᠠᠷᠢᠭᠤᠴᠠᠯᠭ᠎ᠠ ᠶ᠋ᠢ ᠦᠨᠳ᠋ᠦᠰᠦᠨ ᠱᠠᠲᠤᠨ ᠳᠤ ᠳᠠᠮᠵᠢᠭᠤᠯᠵᠤ ᠂ ᠬᠠᠷᠢᠭᠤᠴᠠᠯᠭ᠎ᠠ ᠶ᠋ᠢ ᠪᠣᠳᠠᠲᠠᠶ ᠳᠤ  ᠨᠠᠶᠢᠲᠠᠪᠣᠷᠢᠵᠢᠭᠣᠯᠬᠣ  ᠂ ᠶᠠᠳᠠᠭᠤ ᠡᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠳᠠᠶᠢᠯᠠᠯᠳᠣᠭᠠᠨ  ᠢ ᠴᠢᠨᠠᠷ ᠰᠠᠶᠢᠲᠠᠢ  ᠰᠠᠶᠢᠳᠣᠷ ᠬᠢᠵᠦ ᠢᠯᠠᠯᠲᠠ ᠣᠯᠬᠤ ᠬᠡᠷᠡᠭᠲᠡᠶ  ᠭᠡᠰᠡᠨ ᠪᠠᠶᠢᠨ᠎ᠠ ᠃

   

      ᠵᠠᠩ ᠬᠤᠸᠠ ᠤᠷᠢᠳ ᠬᠣᠵᠢᠳ ᠪᠠᠶᠠᠨᠲᠠᠯ᠎ᠠ ᠭᠠᠴᠠᠭ᠎ᠠ ᠶ᠋ᠢᠨ ᠶᠠᠳᠠᠭᠤ ᠶ᠋ᠢ ᠲᠡᠳᠬᠦᠬᠦ ᠲᠥᠷᠥᠯ ᠵᠣᠶᠢᠯ ᠦᠨ ᠪᠠᠷᠢᠯᠭ᠎ᠠ ᠶ᠋ᠢᠨ ᠭᠠᠵᠠᠷ ᠂ ᠾᠥᠸᠧ ᠳ᠋ᠧ ᠶᠤᠸᠠᠨ ᠮᠠᠯ ᠠᠵᠤ ᠠᠬᠤᠢ ᠶ᠋ᠢᠨ ᠺᠣᠮᠫᠠᠨᠢ ᠶ᠋ᠢᠨ ᠰᠠᠭᠤᠷᠢ ᠡᠬᠡ ᠮᠠᠯ ᠲᠡᠵᠢᠭᠡᠨ ᠦᠷᠡᠵᠢᠭᠦᠯᠬᠦ ᠰᠠᠭᠤᠷᠢᠨ ᠭᠠᠵᠠᠷ ᠲᠤ ᠭᠦᠨᠵᠡᠭᠡᠶᠢᠷᠡᠵᠦ ᠂ ᠶᠠᠳᠠᠭᠤ ᠶ᠋ᠢ ᠲᠡᠳᠬᠦᠬᠦ ᠲᠥᠷᠥᠯ  ᠵᠣᠶᠢᠯ ᠢ ᠬᠡᠷᠡᠭᠵᠢᠭᠦᠯᠦᠭᠰᠡᠨ  ᠪᠠᠶᠢᠳᠡᠯ ᠂   ᠭᠣᠣᠯᠯᠠᠭᠴᠢ ᠠᠵᠤ ᠠᠬᠣᠶᠢᠯᠠᠯ ᠤᠨ ᠶᠠᠳᠠᠭᠤ ᠶ᠋ᠢ ᠪᠠᠭᠠᠰᠬᠠᠵᠤ ᠶᠠᠳᠠᠭᠤ ᠶ᠋ᠢ  ᠲᠠᠶᠢᠴᠢᠯᠡᠵᠦ  ᠪᠠᠶᠢᠭ᠎ᠠ  ᠪᠠᠶᠢᠲᠠᠯ  ᠢ  ᠪᠠᠶᠢᠴᠠᠭᠠᠨ  ᠰᠤᠳᠤᠯᠬᠤ ᠶ᠋ᠢᠨ ᠬᠠᠮᠲᠤ ᠰᠤᠮᠤ ᠶ᠋ᠢᠨ ᠨᠠᠮ ᠵᠠᠰᠠᠭ  ‍ᠤᠨ ᠤᠳᠤᠷᠢᠳᠬᠤ ᠪᠠᠭ ᠤᠨ ᠪᠦᠷᠢᠯᠳ᠋ᠦᠬᠦᠨ ᠲᠡᠶ  ᠰᠠᠨᠠᠯ ᠢᠶᠡᠨ  ᠰᠣᠯᠢᠯᠴᠠᠵᠦ ᠂ ᠵᠠᠩ ᠬᠤᠸᠠ ᠴᠢᠡᠭᠭᠠᠳᠬᠠᠡᠡᠰᠠᠨ ᠂ 《 ᠭᠤᠷᠪᠠᠨ ᠪᠠᠲᠤᠯᠠᠭ᠎ᠠ 》  ᠂ 《 ᠠᠷᠪᠠᠨ ᠵᠣᠶᠢᠯ ᠦᠨ ᠲᠥᠷᠥ ᠶ᠋ᠢᠨ ᠪᠣᠳᠣᠯᠭ᠎ᠠ 》 ᠶ᠋ᠢᠨ  ᠨᠠᠶᠢᠳᠠᠪᠣᠷᠢᠵᠢᠭᠣᠯᠣᠯᠳᠡ ᠳᠤ ᠠᠩᠬᠠᠷᠤᠯ ᠢᠶᠡᠨ ᠲᠥᠪᠯᠡᠷᠡᠭᠦᠯᠵᠦ ᠂ ᠠᠰᠠᠭᠤᠳᠠᠯ ᠢ ᠭᠦᠨᠵᠡᠭᠡᠶ  ᠪᠠᠶᠢᠴᠠᠭᠠᠨ ᠂ ᠪᠦᠬᠦ ᠬᠦᠴᠦᠨ ᠢᠶ᠋ᠡᠷ ᠢᠶ᠋ᠡᠨ ᠴᠡᠭᠴᠡᠯᠡᠨ  ᠰᠠᠶᠢᠵᠢᠷᠠᠭᠣᠯᠵᠦ  ᠂  ᠣᠨᠴᠠᠭᠠᠶᠢᠯᠠᠨ  《 ᠭᠤᠷᠪᠠᠨ ᠪᠠᠲᠤᠯᠠᠭ᠎ᠠ 》 ᠶ᠋ᠢᠨ  ᠲᠣᠪᠣᠶᠢᠮ᠎ᠠ  ᠠᠰᠠᠭᠤᠳᠠᠯ ᠢ ᠴᠠᠭ ᠬᠢᠵᠠᠭᠠᠷᠯᠠᠨ ᠴᠡᠭᠴᠡᠯᠡᠨ  ᠰᠠᠶᠢᠵᠢᠷᠠᠭᠣᠯᠵᠦ᠂ ᠬᠠᠭᠤᠴᠢᠨ ᠵᠢᠭᠡᠯᠡᠯᠭᠡ ᠂ ᠥᠨᠳᠥᠷ  ᠬᠦᠣ ᠲᠡᠶ ᠵᠢᠭᠡᠯᠡᠯᠭᠡ ᠶ᠋ᠢᠨ ᠬᠦᠴᠢᠷᠳᠡᠯᠲᠡᠶ ᠠᠰᠠᠭᠤᠳᠠᠯ ᠳᠤ ᠶᠡᠷᠦᠡᠭᠭᠡᠶᠢᠯᠡᠭᠰᠡᠨ ᠠᠷᠭ᠎ᠠ ᠪᠣᠳᠣᠯᠭ᠎ᠠ ᠬᠡᠷᠡᠭᠵᠢᠭᠦᠯᠵᠦ ᠂ ᠴᠡᠭᠴᠡᠯᠡᠨ  ᠰᠠᠶᠢᠵᠢᠷᠠᠭᠣᠯᠥᠭ᠌ᠰᠠᠨ  ᠦᠷ᠎ᠡ ᠪᠦᠲᠦᠮᠵᠢ ᠪᠡᠷ ᠶᠠᠳᠠᠭᠤ ᠡᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠶᠠᠰᠤ ᠴᠢᠨᠠᠷ  ‍ᠢ ᠳᠡᠭᠡᠭᠰᠢᠯᠡᠭᠦᠯᠬᠦ ᠬᠡᠷᠡᠭᠲᠡᠶ ᠃ ᠶᠠᠳᠠᠭᠤ ᠶ᠋ᠢ ᠲᠡᠳᠬᠦᠬᠦ ᠲᠥᠷᠥᠯ  ᠵᠣᠶᠢᠯ ᠦᠨ ᠲᠦᠭᠰᠢᠭᠦᠷᠢ ᠶ᠋ᠢ ᠪᠦᠲᠦᠮᠵᠢᠲᠡᠶ  ᠰᠡᠷᠭᠡᠶᠢᠯᠡᠵᠦ ᠂ ᠲᠥᠷᠥᠯ  ᠵᠣᠶᠢᠯ ‍ᠦᠨ ᠬᠡᠷᠡᠭᠵᠢᠭᠦᠯᠬᠦ ᠲᠥᠰᠦᠯ ᠢ ᠴᠢᠩᠭ᠎ᠠ ᠭᠦᠢᠴᠡᠳᠭᠡᠵᠦ  ᠂ ᠲᠥᠷᠥᠯ ᠵᠣᠶᠢᠯ ᠢ ᠬᠡᠷᠡᠭᠵᠢᠭᠦᠯᠬᠦ ᠪᠦᠬᠦ ᠶᠠᠪᠤᠴᠠ ᠶ᠋ᠢᠨ ᠬᠢᠨᠠᠯᠲᠠ ᠬᠠᠮᠢᠶᠠᠷᠤᠯᠲᠠ ᠶ᠋ᠢᠨ ᠲᠣᠭᠲᠠᠴᠠ ᠶ᠋ᠢ ᠪᠦᠷᠢᠨᠰᠢᠭᠦᠯᠵᠦ ᠂ ᠲᠥᠷᠥᠯ  ᠵᠣᠶᠢᠯ ᠦᠨ ᠬᠠᠮᠢᠶᠠᠷᠤᠯᠲᠠ ᠶ᠋ᠢᠨ ᠲᠣᠭᠲᠠᠴᠠ ᠶ᠋ᠢ  ᠬᠠᠣᠯᠢ ᠶᠣᠰᠣᠭᠠᠷ ᠵᠢᠷᠤᠮᠵᠢᠭᠤᠯᠵᠤ ᠂ ᠶᠠᠳᠠᠭᠤ ᠶ᠋ᠢ ᠲᠡᠳᠬᠦᠬᠦ ᠲᠥᠷᠥᠯ ᠵᠣᠶᠢᠯ ᠦᠨ ᠢᠯᠠ ᠲᠣᠳᠣ ᠂ ᠠᠵᠢᠯᠯᠠᠭᠠᠨ ᠥᠨᠳᠥᠷ ᠪᠦᠲᠦᠮᠵᠢᠲᠡᠶ ᠂ ᠡᠳ᠋ ᠬᠥᠷᠥᠩᠭᠡ ᠶ᠋ᠢᠨ ᠠᠮᠤᠷ ᠲᠦᠪᠰᠢᠨ  ᠪᠠᠶᠢᠬᠣ ᠶ᠋ᠢ ᠦᠨᠡᠨᠬᠦ ᠪᠠᠲᠤᠯᠠᠵᠤ ᠂ ᠶᠠᠳᠠᠭᠤ ᠶ᠋ᠢ ᠲᠡᠳᠬᠦᠬᠦ ᠲᠥᠷᠥᠯ  ᠵᠣᠶᠢᠯ ᠦᠨ ᠶᠠᠳᠠᠭᠤ ᠬᠦᠴᠢᠷᠳᠡᠯᠲᠡᠶ ᠬᠥᠮᠦᠨ ᠠᠮᠠ ᠶ᠋ᠢ ᠳᠠᠭᠠᠭᠤᠯᠤᠨ ᠶᠠᠳᠠᠭᠤ ᠶ᠋ᠢ ᠪᠠᠭᠠᠰᠬᠠᠬᠤ ᠂ ᠰᠢᠨᠵᠢᠯᠡᠬᠦᠮᠡᠷᠭᠡᠵᠢᠯ ᠦᠨ ᠵᠢᠱᠢᠶ᠎ᠡ ᠦᠵᠡᠭᠦᠯᠬᠦ ᠪᠠ ᠬᠠᠮᠲᠤ ᠶ᠋ᠢᠨ ᠠᠵᠤ ᠠᠬᠤᠶ ᠶ᠋ᠢ  ᠪᠣᠵᠠᠭᠠᠶᠢᠷᠠᠭᠣᠯᠬᠣ  ᠦᠶᠯᠡᠳ᠋ᠦᠯ ᠢᠶ᠋ᠡᠨ ᠪᠠᠳᠠᠷᠠᠭᠤᠯᠬᠤ ᠶ᠋ᠢ ᠦᠨᠡᠨᠬᠦ ᠪᠠᠲᠤᠯᠠᠬᠤ ᠬᠡᠷᠡᠭᠲᠡᠶ ᠃  ᠦᠬᠡᠷ ᠤᠨ ᠨᠤᠲᠤᠭ ᠢ ᠪᠦᠬᠦ ᠬᠦᠴᠦᠨ ᠢᠶ᠋ᠡᠷ ᠢᠶ᠋ᠡᠨ ᠴᠣᠭᠴᠠᠯᠠᠵᠤ ᠂  ᠦᠬᠡᠷ ᠤᠨ ᠠᠵᠤ  ᠣᠶᠢᠯᠡᠰ ᠢ ᠶᠡᠬᠡᠪᠡᠷ ᠬᠥᠭᠵᠢᠭᠦᠯᠵᠦ ᠂  ᠭᠣᠣᠯᠯᠠᠭᠴᠢ ᠠᠵᠤ ᠠᠬᠣᠶᠢᠯᠠᠯ ᠂ ᠲᠤᠰᠬᠠᠶ  ᠬᠣᠷᠰᠢᠶᠠᠵᠢᠯ ᠂ ᠲᠡᠵᠢᠭᠡᠨ ᠦᠷᠡᠵᠢᠭᠦᠯᠬᠦ ᠲᠣᠮᠣ ᠡᠷᠦᠬᠡ ᠵᠡᠷᠭᠡ ᠰᠢᠨ᠎ᠡ  ᠮᠠᠶ᠋ᠢᠭ  ᠤᠨ ᠡᠵᠡᠩᠨᠡᠯᠲᠡ ᠶ᠋ᠢᠨ ᠭᠣᠣᠯ ᠴᠣᠭᠴᠠ ᠶ᠋ᠢ ᠶᠡᠬᠡᠪᠡᠷ ᠲᠡᠳᠬᠦᠨ  ᠪᠣᠶᠢᠵᠢᠭᠣᠯᠵᠦ  ᠂ ᠢᠲᠡᠭᠡᠮᠵᠢᠲᠦ ᠵᠢᠭᠡᠯᠡᠯᠭᠡ ᠂ ᠳᠠᠭᠠᠳᠬᠠᠯ ᠂ ᠵᠠᠬ᠎ᠠ ᠳᠡᠯᠭᠡᠭᠦᠷ ᠂ ᠮᠡᠳᠡᠭᠡ ᠵᠠᠩᠭᠢ ᠂ ᠰᠢᠨᠵᠢᠯᠡᠬᠦ ᠮᠡᠷᠭᠡᠵᠢᠯ ᠵᠡᠷᠭᠡ ᠴᠢᠬᠤᠯᠠ ᠡᠯᠧᠮᠧᠨ᠋ᠲ ᠦᠨ ᠲᠤᠯᠭᠠᠭᠤᠷᠢᠯᠠᠯ ᠢ ᠴᠢᠨᠠᠭᠰᠢᠳᠠ ᠲᠡᠭᠦᠯᠳᠡᠷᠵᠢᠭᠦᠯᠵᠦ ᠂ ᠮᠥᠩᠭᠥᠨ  ᠭᠦᠢᠯᠭᠡᠭᠡᠨ ᠦ ᠢᠲᠡᠭᠡᠮᠵᠢ ᠶ᠋ᠢᠨ ᠰᠢᠰᠲ᠋ᠧᠮ ᠢ  ᠪᠠᠶᠢᠭᠣᠯᠵᠦ ᠂ ᠢᠲᠡᠭᠡᠮᠵᠢᠲᠦ ᠲᠣᠰᠬᠣᠨ ᠂ ᠬᠡᠷᠡᠭᠯᠡᠭᠡᠨ ᠦ ᠡᠷᠦᠬᠡ ᠶ᠋ᠢ ᠡᠭᠦᠳᠴᠦ ᠂  ᠨᠢᠡᠡᠳᠡ ᠬᠡᠯᠪᠡᠷᠢ ᠶ᠋ᠢᠨ ᠲᠠᠷᠢᠶᠠᠴᠢᠨ ᠪᠠ ᠠᠵᠤ  ᠠᠬᠣᠶᠢᠯᠠᠯ ᠤᠨ ᠠᠰᠢᠭ ᠲᠤᠰᠠ ᠶ᠋ᠢᠨ ᠬᠣᠯᠪᠣᠭᠠᠨ ᠤ ᠲᠣᠭᠲᠠᠴᠠ ᠶ᠋ᠢ ᠪᠠᠶᠢᠭᠣᠯᠵᠦ  ᠂  ᠦᠬᠡᠷ ᠤᠨ ᠠᠵᠤ  ᠣᠶᠢᠯᠡᠰ ᠢ ᠦᠨᠡᠨ ᠬᠦ ᠶᠠᠳᠠᠭᠤ ᠡᠴᠠ ᠠᠩᠭᠢᠵᠢᠷᠠᠭᠤᠯᠬᠤ ᠠᠵᠤ  ᠣᠶᠢᠯᠡᠰ  ᠂ ᠪᠠᠶᠠᠵᠢᠯ ᠤᠨ ᠠᠵᠤ  ᠣᠶᠢᠯᠡᠰ ᠪᠣᠯᠭᠠᠬᠤ ᠬᠡᠷᠡᠭᠲᠡᠶ ᠭᠡᠵᠡᠢ ᠃

  

ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ