ᠬᠣᠰᠢᠭᠣᠨ ᠤ ᠨᠠᠮ ᠤᠨ ᠬᠣᠷᠢᠶᠠᠨ ᠤ ᠱᠦᠵᠢ ᠵᠠᠩ ᠬᠤᠸᠠ ᠲᠦᠴᠡᠩᠽᠢ ᠰᠢᠶᠠᠩ ᠂ ᠴᠢᠩ ᠯᠦᠩ ᠱᠠᠨ ᠪᠠᠯᠭᠠᠰᠤᠨ ᠤ ᠶᠠᠳᠠᠭᠤ ᠡᠴᠠ ᠠᠩᠭᠢᠵᠢᠷᠠᠭᠣᠯᠣᠨ ᠪᠣᠭᠣᠮᠲᠠ ᠰᠢᠪᠲᠤᠯᠬᠤ ᠂ ᠦᠨᠳ᠋ᠦᠰᠦᠨ ᠱᠠᠲᠤᠨ ᠤ ᠨᠠᠮ ᠤᠨ ᠵᠣᠬᠢᠶᠠᠨ ᠪᠠᠶᠢᠭᠣᠯᠣᠯᠳᠠ ᠵᠡᠷᠭᠡ ᠠᠵᠢᠯ ᠳᠤ ᠪᠠᠶᠢᠴᠠᠭᠠᠨ ᠰᠤᠳᠤᠯᠤᠯᠲᠠ ᠬᠢᠭᠰᠡᠨ

ᠣᠩᠰᠢᠭᠰᠠᠨ ᠤᠳᠠᠭ᠎ᠠ ᠄ 8792     ᠨᠡᠶᠢᠳᠡᠯᠡᠭᠰᠡᠨ ᠴᠠᠭ ᠄ 2019/11/20 8:45:44

      11 ᠰᠠᠷ᠎ᠠ ᠶ᠋ᠢᠨ 13 ᠦ ᠡᠳ᠋ᠦᠷ ᠂ ᠬᠣᠰᠢᠭᠣᠨ ᠤ ᠨᠠᠮ ᠤᠨ ᠬᠣᠷᠢᠶᠠᠨ ᠤ ᠱᠦᠵᠢ ᠵᠠᠩ ᠬᠤᠸᠠ ᠲᠦᠴᠡᠩᠽᠢ ᠰᠢᠶᠠᠩ ᠂ ᠴᠢᠩ ᠯᠦᠩ ᠱᠠᠨ ᠪᠠᠯᠭᠠᠰᠣᠨ ᠳᠤ ᠬᠦᠷᠴᠦ ᠶᠠᠳᠠᠭᠤ ᠡᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠂ ᠦᠨᠳ᠋ᠦᠰᠦᠨ ᠱᠠᠲᠤᠨ ᠤ ᠨᠠᠮ ᠤᠨ ᠵᠣᠬᠢᠶᠠᠨ  ᠪᠠᠶᠢᠭᠣᠯᠣᠯᠳᠠ  ᠵᠡᠷᠭᠡ ᠠᠵᠢᠯ ᠳ᠋ᠥ ᠪᠠᠶᠢᠴᠠᠭᠠᠨ ᠰᠣᠳᠣᠯᠣᠯᠳᠠ ᠬᠢᠭᠰᠡᠨ ᠪᠠᠶᠢᠨ᠎ᠠ ᠃

     

      ᠵᠠᠩ ᠬᠤᠸᠠ ᠤᠷᠢᠳ ᠬᠣᠵᠢᠳ ᠬᠡᠰᠡᠭ ᠭᠣᠣᠯᠳᠠᠯᠭ᠎ᠠ  ᠲᠠᠶ ᠶᠠᠳᠠᠭᠣ ᠬᠦᠴᠢᠷᠲᠡᠢ ᠲᠣᠰᠬᠣᠨ ᠪᠡᠷ ᠠᠶᠢᠯᠴᠢᠯᠠᠵᠣ ᠂ ᠶᠠᠳᠠᠭᠤ ᠶ᠋ᠢ ᠲᠡᠳᠬᠦᠬᠦ ᠺᠠᠳ᠋ᠷ ᠂ ᠲᠣᠰᠬᠣᠨ ᠳᠤ ᠰᠠᠭᠤᠭ᠎ᠠ ᠺᠠᠳ᠋ᠷ ᠢ ᠪᠣᠯᠭᠣᠭᠠᠨ ᠲᠣᠬᠣᠨᠢᠭᠤᠯᠵᠤ ᠂ ᠶᠠᠳᠠᠭᠤ ᠡᠴᠠ ᠠᠩᠭᠢᠵᠢᠷᠠᠭᠣᠯᠣᠨ ᠪᠣᠭᠣᠮᠲᠠ ᠰᠢᠪᠲᠤᠯᠬᠤ ᠶ᠋ᠢ ᠴᠡᠭᠴᠡᠯᠡᠨ ᠰᠠᠶᠢᠵᠢᠷᠠᠭᠣᠯᠣᠭᠰᠠᠨ ᠪᠠᠶᠢᠳᠠᠯ ᠂ ᠶᠠᠳᠠᠭᠤ ᠡᠴᠠ ᠠᠩᠭᠢᠵᠢᠷᠠᠭᠤᠯᠤᠭᠰᠠᠨ ᠦᠷ᠎ᠡ ᠪᠦᠲᠦᠮᠵᠢ ᠶ᠋ᠢ  ᠪᠠᠶᠢᠴᠠᠭᠠᠨ ᠣᠶᠢᠯᠭᠠᠵᠣ ᠂ 《 ᠭᠤᠷᠪᠠᠨ ᠪᠠᠲᠤᠯᠠᠭ᠎ᠠ 》 ᠂ 《 ᠠᠷᠪᠠᠨ ᠵᠦᠢᠯ ᠦᠨ ᠲᠥᠷᠥ ᠶ᠋ᠢᠨ ᠪᠣᠳᠣᠯᠭ᠎ᠠ 》 ᠶ᠋ᠢ  ᠨᠡᠶᠢᠳᠡᠪᠣᠷᠢᠵᠢᠭᠣᠯᠣᠭᠰᠠᠨ    ᠪᠠᠶᠢᠳᠠᠯ ᠢ ᠵᠠᠳᠠᠯᠵᠤ ᠂ ᠴᠡᠭᠴᠡᠯᠡᠨ ᠵᠠᠰᠠᠬᠤ ᠶ᠋ᠢ  ᠨᠡᠶᠢᠳᠡᠪᠣᠷᠢᠵᠢᠭᠣᠯᠬᠣ  ᠪᠣᠳᠠᠲᠠᠶ ᠱᠠᠭᠠᠷᠳᠠᠯᠭ᠎ᠠ ᠶ᠋ᠢ ᠳᠤᠷᠠᠳᠪᠠ ᠃

     

      ᠵᠠᠩ ᠬᠤᠸᠠ ᠲᠦᠴᠡᠩᠽᠢ ᠰᠢᠶᠠᠩ ᠤᠨ ᠲᠢᠶᠧ ᠵᠢᠶᠠᠩ ᠭᠸᠦ ᠲᠣᠰᠬᠣᠨ ᠳᠤ ᠠᠢᠯᠴᠢᠯᠠᠬᠤ ᠳᠠᠭᠠᠨ ᠂ ᠰᠢᠶᠠᠩ ᠲᠣᠰᠬᠣᠨ ᠤ ᠺᠠᠳ᠋ᠷ ᠂ ᠲᠣᠰᠬᠣᠨ ᠳᠤ ᠰᠠᠭᠤᠭ᠎ᠠ ᠺᠠᠳ᠋ᠷ ᠲᠠᠶ ᠰᠠᠨᠠᠯ ᠢᠶᠡᠨ ᠭᠦᠨᠵᠡᠭᠡᠶ ᠰᠣᠯᠢᠯᠴᠠᠵᠤ ᠂ ᠲᠡᠳᠡᠨ ᠦ ᠰᠠᠨᠠᠯ ᠰᠠᠨᠠᠭᠤᠯᠭ᠎ᠠ ᠶ᠋ᠢ ᠰᠣᠨᠣᠰᠣᠭᠰᠠᠨ ᠪᠠᠶᠢᠨ᠎ᠠ ᠃ ᠲᠡᠷᠡ ᠴᠢᠩᠭᠠᠳᠬᠠᠭᠰᠠᠨ ᠨᠢ ᠂ 《 ᠭᠤᠷᠪᠠ ᠶ᠋ᠢ ᠪᠠᠲᠤᠯᠠᠬᠤ 》 ᠲᠥᠷᠦ ᠶ᠋ᠢᠨ ᠪᠣᠳᠣᠯᠭ᠎ᠠ ᠶ᠋ᠢ ᠴᠢᠩᠭ᠎ᠠ  ᠨᠠᠶᠢᠳᠠᠪᠣᠷᠢᠵᠢᠭᠣᠯᠣᠨ ᠂ ᠤᠰᠤᠨ ᠤ ᠠᠮᠤᠷ ᠲᠦᠪᠰᠢᠨ ᠦ ᠠᠰᠠᠭᠤᠳᠠᠯ ᠢ ᠰᠠᠶᠢᠳᠣᠷ ᠰᠢᠢᠳᠪᠦᠷᠢᠯᠡᠬᠦ ᠬᠡᠷᠡᠭᠲᠡᠶ ᠃ ᠶᠠᠳᠠᠭᠤ ᠡᠴᠠ ᠠᠩᠭᠢᠵᠢᠷᠠᠭᠤᠯᠬᠤ ᠦᠷ᠎ᠡ ᠪᠦᠲᠦᠭᠡᠯ ᠢ ᠪᠡᠬᠢᠵᠢᠭᠦᠯᠦᠨ ᠳᠡᠭᠡᠭᠰᠢᠯᠡᠭᠦᠯᠵᠦ ᠂ ᠠᠵᠤ ᠦᠢᠡᠯᠰ ᠂ ᠭᠠᠵᠠᠷ ᠰᠢᠷᠣᠶ ᠂ ᠪᠠᠲᠤᠯᠠᠭ᠎ᠠ ᠂ ᠬᠥᠳᠡᠯᠮᠦᠷᠢ ᠬᠦᠴᠦᠨ ᠳᠤᠲᠠᠭᠳᠠᠵᠤ ᠪᠠᠶᠢᠭ᠎ᠠ ᠬᠠᠷᠢᠴᠠᠩᠭᠤᠶ ᠶᠠᠳᠠᠭᠤ ᠬᠦᠴᠢᠷᠳᠡᠯᠲᠡᠶ ᠬᠠᠮᠲᠤᠯᠢᠭ ᠲᠤ ᠴᠢᠭᠯᠡᠭᠦᠯᠦᠨ ᠂ ᠠᠵᠤ ᠦᠢᠯᠡᠰ ᠢᠶ᠋ᠡᠷ ᠶᠠᠳᠠᠭᠤ ᠶ᠋ᠢ ᠲᠡᠳᠬᠦᠬᠦ ᠤᠷᠲᠤ ᠬᠤᠭᠤᠴᠠᠭᠠᠨ ᠤ ᠪᠦᠲᠦᠮᠵᠢᠲᠡᠶ ᠲᠣᠭᠲᠠᠴᠠ ᠶ᠋ᠢ  ᠭᠦᠡᠵᠡᠭᠡᠶᠢᠷᠡᠭᠦᠯᠵᠣ  ᠂ ᠮᠥᠩᠭᠥᠨ  ᠭᠦᠢᠯᠭᠡᠭᠡ ᠢᠶ᠋ᠡᠷ ᠶᠠᠳᠠᠭᠤ ᠶ᠋ᠢ ᠲᠡᠳᠬᠦᠬᠦ ᠢᠲᠡᠭᠡᠮᠵᠢᠲᠦ ᠲᠣᠰᠬᠣᠨ ᠤ ᠪᠦᠲᠦᠭᠡᠨ  ᠪᠠᠶᠢᠭᠣᠯᠣᠯᠳᠠ ᠶ᠋ᠢ  ᠭᠦᠨᠵᠡᠭᠡᠶᠢᠷᠡᠭᠦᠯᠦᠨ ᠂ ᠭᠠᠵᠠᠷ ᠰᠢᠷᠣᠶ ᠶ᠋ᠢᠨ 《 ᠭᠤᠷᠪᠠᠨ ᠡᠷᠬᠡ 》 ᠶ᠋ᠢ ᠰᠠᠯᠭᠠᠬᠤ ᠥᠭᠡᠷᠡᠴᠢᠯᠡᠯᠲᠡ ᠶ᠋ᠢ  ᠭᠦᠡᠵᠡᠭᠡᠶᠢᠷᠡᠭᠦᠯᠵᠣ ᠂ ᠨᠠᠮ ᠤᠨ ᠡᠭᠦᠷ ᠡᠴᠡ ᠬᠣᠷᠰᠢᠶᠠᠵᠢᠯ ᠶ᠋ᠢ ᠳᠠᠭᠠᠭᠤᠯᠤᠨ ᠡᠷᠬᠢᠯᠡᠬᠦ ᠂ ᠬᠠᠮᠲᠤ ᠶ᠋ᠢᠨ ᠠᠵᠤ ᠠᠬᠤᠢ ᠶ᠋ᠢᠨ ᠵᠣᠬᠢᠶᠠᠨ  ᠪᠠᠶᠢᠭᠣᠯᠣᠯᠳᠠ  ᠶ᠋ᠢ ᠡᠭᠦᠳ᠋ᠦᠨ  ᠪᠠᠶᠢᠭᠣᠯᠬᠣ  ᠶ᠋ᠢ ᠵᠣᠷᠢᠭᠲᠠᠶ  ᠦᠢᠯᠡᠳᠦᠯᠭᠡᠵᠢᠭᠦᠯᠵᠣ ᠂ ᠶᠠᠳᠠᠭᠤ ᠬᠦᠴᠢᠷᠳᠡᠯᠲᠡᠶ ᠡᠷᠦᠬᠡ ᠶ᠋ᠢᠨ  ᠨᠡᠶᠢᠳᠡᠨ ᠲᠡᠵᠢᠯᠭᠡᠬᠦ  ᠨᠡᠶᠢᠳᠡᠨ ᠲᠠᠷᠢᠭᠣᠯᠬᠣ ᠵᠢ ᠲᠠᠶᠢᠴᠢᠯᠠᠨ ᠂ ᠡᠷᠦᠬᠡ ᠪᠣᠯᠭᠠᠨ ᠠᠵᠤ ᠦᠢᠯᠡᠰ ᠲᠡᠶ ᠂ ᠬᠥᠮᠦᠨ ᠪᠦᠬᠦᠨ ᠣᠷᠣᠯᠭ᠎ᠠ ᠪᠠᠨ ᠨᠡᠮᠡᠭᠳᠡᠭᠦᠯᠬᠦ ᠶ᠋ᠢ ᠪᠠᠲᠤᠯᠠᠬᠤ ᠬᠡᠷᠡᠭᠲᠡᠶ ᠃ ᠠᠵᠢᠯ ᠣᠯᠭᠣᠯᠲᠠ ᠪᠠᠷ ᠶᠠᠳᠠᠭᠤ ᠶ᠋ᠢ ᠲᠡᠳᠬᠦᠬᠦ ᠲᠥᠷᠦ ᠶ᠋ᠢᠨ ᠪᠣᠳᠣᠯᠭ᠎ᠠ ᠠᠷᠭ᠎ᠠ ᠬᠡᠮᠵᠢᠶ᠎ᠡ ᠶ᠋ᠢ  ᠭᠦᠡᠵᠡᠭᠡᠶᠢᠷᠡᠭᠦᠯᠵᠣ ᠂ ᠵᠣᠬᠢᠶᠠᠨ ᠪᠠᠢᠭᠤᠯᠤᠯᠲᠠ ᠲᠡᠢ ᠂ ᠲᠥᠯᠥᠪᠯᠡᠭᠡ ᠲᠡᠶ ᠂ ᠬᠠᠨᠳᠤᠯᠭᠠᠲᠤ ᠴᠢᠨᠠᠷᠲᠠᠶ ᠪᠠᠷ ᠬᠥᠳᠡᠯᠮᠦᠷᠢ ᠬᠦᠴᠦᠨ ᠦ ᠭᠠᠷᠭᠠᠯᠲᠠ ᠶ᠋ᠢ ᠵᠣᠬᠢᠶᠠᠨ ᠪᠠᠶᠢᠭᠣᠯᠣᠨ ᠂ ᠶᠠᠳᠠᠭᠤ ᠡᠴᠠ ᠠᠩᠭᠢᠵᠢᠷᠠᠨ ᠳᠠᠬᠢᠨ ᠶᠠᠳᠠᠭᠤᠷᠠᠬᠤ ᠦᠭᠡᠢ ᠪᠠᠶᠢᠬᠣ ᠵᠢ ᠪᠠᠲᠤᠯᠠᠬᠤ ᠬᠡᠷᠡᠭᠲᠡᠶ ᠃ ᠲᠣᠰᠬᠣᠨ ᠤ ᠱᠠᠲᠤᠨ ᠤ ᠨᠠᠮ ᠤᠨ ᠵᠣᠬᠢᠶᠠᠨ ᠪᠠᠶᠢᠭᠣᠯᠣᠯᠳᠠ ᠶ᠋ᠢᠨ ᠴᠣᠭᠴᠠᠯᠠᠯᠲᠠ ᠶ᠋ᠢ ᠴᠢᠩᠭᠠᠳᠬᠠᠨ ᠂ ᠨᠠᠮ ᠤᠨ ᠭᠡᠰᠢᠭᠦᠨ ᠦ ᠬᠡᠪ ᠴᠢᠨᠠᠷ ᠴᠢᠳᠠᠪᠤᠷᠢ ᠶ᠋ᠢ ᠳᠡᠭᠡᠭᠰᠢᠯᠡᠭᠦᠯᠬᠦ ᠢᠨᠵᠧᠨᠧᠷᠢᠩ ᠢ ᠶᠡᠬᠡᠪᠡᠷ ᠬᠡᠷᠡᠭᠵᠢᠭᠦᠯᠵᠦ ᠂ ᠨᠤᠲᠤᠭ ᠲᠠᠭᠠᠨ ᠪᠤᠴᠠᠵᠤ ᠦᠢᠯᠡᠰ ᠪᠣᠰᠬᠠᠬᠤ ᠴᠢᠳᠠᠪᠤᠷᠢᠲᠠᠨ ᠢ ᠴᠢᠬᠣᠯᠴᠢᠯᠠᠨ ᠂ ᠶᠠᠳᠠᠭᠤ ᠡᠴᠠ ᠠᠩᠭᠢᠵᠢᠷᠠᠭᠣᠯᠣᠨ ᠪᠣᠭᠣᠮᠲᠠ ᠰᠢᠪᠲᠤᠯᠬᠤ ᠪᠣᠯᠤᠨ ᠬᠥᠳᠡᠭᠡ ᠲᠣᠰᠬᠣᠨ ᠢ ᠬᠥᠭᠵᠢᠭᠦᠯᠦᠨ ᠮᠠᠨᠳᠤᠭᠤᠯᠬᠤ ᠶ᠋ᠢ ᠵᠣᠯᠭᠠᠭᠤᠯᠬᠤ ᠠᠵᠢᠯ ᠢ  ᠰᠡᠶᠢᠳᠣᠷ ᠬᠢᠬᠦ ᠬᠡᠷᠡᠭᠲᠡᠶ ᠭᠡᠰᠡᠨ ᠪᠠᠶᠢᠨ᠎ᠠ ᠃

    

     ᠵᠠᠩ ᠬᠤᠸᠠ ᠴᠢᠩ ᠯᠦᠩ ᠱᠠᠨ ᠪᠠᠯᠭᠠᠰᠤᠨ ᠤ ᠭᠦᠨ ᠭᠤᠤ ᠲᠣᠰᠬᠣᠨ ᠂ ᠰᠡᠪᠡᠭᠲᠦ ᠲᠣᠰᠬᠣᠨ ᠳᠤ ᠠᠢᠯᠴᠢᠯᠠᠬᠤ ᠳᠠᠭᠠᠨ ᠂ ᠲᠣᠬᠠᠢ ᠶ᠋ᠢᠨ ᠣᠷᠣᠨ ᠤ 《 ᠭᠤᠷᠪᠠᠨ ᠪᠠᠲᠤᠯᠠᠭ᠎ᠠ 》 ᠶ᠋ᠢ ᠨᠡᠶᠢᠳᠡᠪᠣᠷᠢᠵᠢᠭᠣᠯᠣᠭᠰᠠᠨ ᠪᠠᠶᠢᠳᠠᠯ ᠂ ᠣᠨᠳᠣᠣ ᠭᠠᠵᠠᠷ ᠲᠤ ᠨᠡᠭᠦᠯᠭᠡᠭᠰᠡᠨ ᠪᠠᠶᠢᠳᠠᠯ ᠂ ᠣᠨᠴᠠᠯᠢᠭᠲᠤ ᠠᠵᠤ ᠦᠢᠯᠡᠰ ᠦᠨ ᠬᠥᠭᠵᠢᠯᠲᠡ ᠶ᠋ᠢᠨ ᠪᠠᠶᠢᠳᠠᠯ ᠂ ᠲᠣᠰᠬᠣᠨ ᠤ ᠨᠠᠮ ᠤᠨ ᠡᠭᠦᠷ ᠦᠨ ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠭᠰᠡᠨ ᠪᠠᠶᠢᠳᠠᠯ ᠂ ᠲᠣᠰᠬᠣᠨ ᠳᠤ ᠰᠠᠭᠤᠭ᠎ᠠ ᠺᠠᠳ᠋ᠷ ᠢ ᠬᠠᠪᠰᠤᠷᠤᠨ ᠲᠡᠳᠬᠦᠬᠦ ᠦᠢᠯᠡᠳᠦᠯ ᠢᠶᠡᠨ ᠪᠠᠳᠠᠷᠠᠭᠤᠯᠤᠭᠰᠠᠨ  ᠪᠠᠶᠢᠳᠠᠯ ᠢ ᠨᠠᠷᠢᠨ  ᠣᠶᠢᠯᠠᠭᠠᠪᠠ ᠃ ᠲᠡᠷᠡ ᠴᠢᠩᠭᠠᠳᠬᠠᠭᠰᠠᠨ ᠨᠢ ᠂ ᠶᠠᠳᠠᠭᠤ ᠡᠴᠠ ᠠᠩᠭᠢᠵᠢᠷᠠᠭᠣᠯᠣᠨ ᠪᠣᠭᠣᠮᠲᠠ ᠰᠢᠪᠲᠤᠯᠬᠤ  ᠲᠠᠶᠢᠯᠠᠯᠳᠣᠭᠠᠨ ᠤ ᠦᠷ᠎ᠡ ᠪᠦᠲᠦᠭᠡᠯ ᠢ ᠪᠡᠬᠢᠵᠢᠭᠦᠯᠦᠨ ᠳᠡᠭᠡᠭᠰᠢᠯᠡᠭᠦᠯᠵᠦ ᠂ ᠬᠥᠳᠡᠭᠡ ᠲᠣᠰᠬᠣᠨ ᠢ ᠬᠥᠭᠵᠢᠭᠦᠯᠦᠨ ᠮᠠᠨᠳᠤᠭᠤᠯᠬᠤ ᠶ᠋ᠢ ᠶᠡᠬᠡᠪᠡᠷ ᠬᠡᠷᠡᠭᠵᠢᠭᠦᠯᠦᠨ ᠂ ᠰᠢᠬᠢᠷᠯᠢᠭ ᠲᠥᠮᠥᠰᠥ ᠶ᠋ᠢᠨ ᠤᠨᠴᠠᠯᠢᠬᠳᠤ ᠵᠢᠵᠢᠭ ᠪᠠᠯᠭᠠᠰᠤ ᠶ᠋ᠢ  ᠪᠣᠵᠠᠭᠠᠶᠢᠷᠠᠭᠣᠯᠣᠨ ᠬᠦᠴᠦᠷᠬᠡᠭᠵᠢᠭᠦᠯᠵᠦ ᠂ ᠰᠢᠬᠢᠷᠯᠢᠭ ᠲᠥᠮᠥᠰᠥ ᠶ᠋ᠢᠨ ᠤᠨᠴᠠᠯᠢᠬᠳᠤ ᠭᠣᠣᠯᠯᠠᠬᠣ ᠠᠵᠤ  ᠦᠢᠯᠡᠰ ᠢ ᠡᠷᠴᠢᠮᠵᠢᠭᠦᠯᠦᠨ ᠤᠷᠲᠤᠳᠬᠠᠵᠤ ᠂ ᠲᠠᠷᠢᠶᠠᠴᠢᠨ ᠠᠵᠤ ᠠᠬᠤᠢᠯᠠᠯ ᠤᠨ ᠠᠰᠢᠭ ᠲᠤᠰᠠ ᠶ᠋ᠢᠨ ᠬᠣᠯᠪᠣᠭᠠᠨ ᠤ ᠲᠣᠭᠲᠠᠴᠠ ᠶ᠋ᠢ  ᠭᠦᠡᠵᠡᠭᠡᠶᠢᠷᠡᠭᠦᠯᠵᠣ ᠂ ᠨᠠᠩ ᠣᠯᠠᠨ ᠲᠣᠯᠣᠭᠠᠶᠢᠯᠠᠭᠴᠢ ᠠᠵᠤ ᠠᠬᠤᠢᠯᠠᠯ ᠢ ᠵᠢᠵᠢᠭ ᠪᠠᠯᠭᠠᠰᠤ ᠂ ᠬᠦᠷᠢᠶᠡᠯᠡᠩ ᠲᠣᠭᠣᠷᠢᠭ ᠂ ᠰᠠᠭᠤᠷᠢᠨ ᠭᠠᠵᠠᠷ ᠲᠤ ᠣᠷᠣᠭᠤᠯᠤᠨ ᠠᠪᠴᠢᠷᠠᠬᠤ ᠬᠡᠷᠡᠭᠲᠡᠶ ᠃ ᠭᠠᠵᠠᠷ ᠰᠢᠷᠣᠶ ᠶ᠋ᠢᠨ 《 ᠭᠤᠷᠪᠠᠨ ᠡᠷᠬᠡ 》 ᠶ᠋ᠢ ᠰᠠᠯᠭᠠᠬᠤ ᠥᠭᠡᠷᠡᠴᠢᠯᠡᠯᠲᠡ ᠶ᠋ᠢ ᠭᠦᠨᠵᠡᠭᠡᠶᠢᠷᠡᠭᠦᠯᠦᠨ ᠂ ᠬᠠᠷᠢᠯᠴᠠᠨ ᠠᠰᠢᠭᠲᠠᠢ ᠬᠡᠪ ᠵᠠᠭᠪᠤᠷ ᠢ ᠰᠤᠷᠤᠯᠴᠠᠨ ᠲᠣᠯᠢᠳᠠᠵᠤ ᠂ ᠠᠵᠤ ᠦᠢᠯᠡᠰ ᠦᠨ ᠬᠡᠯᠬᠢᠶ᠎ᠡ ᠶ᠋ᠢ ᠤᠷᠲᠤᠳᠬᠠᠬᠤ ᠳᠤᠮᠳᠠ ᠣᠷᠣᠯᠭ᠎ᠠ ᠶ᠋ᠢ ᠳᠠᠬᠢᠨ ᠢᠶᠠᠷ ᠨᠡᠮᠡᠭᠳᠡᠭᠦᠯᠬᠦ ᠬᠡᠷᠡᠭᠲᠡᠶ ᠃ ᠲᠣᠰᠬᠣᠨ ᠤ ᠱᠠᠲᠤᠨ ᠤ ᠨᠠᠮ ᠤᠨ ᠵᠣᠬᠢᠶᠠᠨ  ᠪᠠᠶᠢᠭᠣᠯᠣᠯᠳᠠ ᠶ᠋ᠢᠨ ᠴᠣᠭᠴᠠᠯᠠᠯᠲᠠ ᠶ᠋ᠢ ᠶᠡᠬᠡᠪᠡᠷ ᠴᠢᠩᠭᠠᠳᠬᠠᠵᠤ ᠂ 《 ᠤᠭ ᠰᠠᠨᠠᠭ᠎ᠠ ᠪᠠᠨ ᠦᠯᠦ ᠮᠠᠷᠲᠠᠵᠤ ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ 》 ᠭᠣᠣᠯ ᠰᠡᠳ᠋ᠦᠪᠲᠦ ᠬᠥᠮᠦᠵᠢᠯ ᠲᠡᠶ  ᠣᠶᠠᠯᠳᠣᠭᠣᠯᠣᠨ ᠂ ᠠᠰᠠᠭᠤᠳᠠᠯ ᠢᠶᠡᠨ ᠡᠷᠢᠵᠣ ᠂  ᠨᠡᠶᠢᠳᠡᠪᠣᠷᠢᠵᠢᠭᠣᠯᠣᠯᠳᠡ  ᠶ᠋ᠢ ᠴᠢᠩᠭ᠎ᠠ ᠠᠳᠬᠣᠨ ᠂ ᠲᠣᠰᠬᠣᠨ ᠳᠤ ᠰᠠᠭᠤᠭ᠎ᠠ ᠺᠠᠳ᠋ᠷ ᠤᠨ ᠬᠠᠮᠢᠶᠠᠷᠤᠯᠲᠠ ᠶ᠋ᠢ ᠴᠢᠩᠭᠠᠳᠬᠠᠵᠤ ᠂ ᠲᠣᠰᠬᠣᠨ ᠳᠤ ᠰᠠᠭᠤᠭ᠎ᠠ ᠺᠠᠳ᠋ᠷ ᠤᠨ ᠠᠵᠢᠯ ᠢᠶᠡᠨ  ᠰᠠᠶᠢᠳᠣᠷ  ᠥᠷᠨᠢᠭᠦᠯᠬᠦ ᠶ᠋ᠢ ᠬᠠᠯᠠᠮᠵᠢᠯᠠᠨ ᠳᠠᠮᠵᠢᠵᠤ ᠂ ᠠᠵᠢᠯ ᠬᠢᠵᠦ ᠦᠢᠯᠡᠰ ᠪᠣᠰᠬᠠᠬᠤ ᠂ ᠲᠥᠪ ᠴᠢᠬᠡᠴᠢ ᠦᠨᠳ᠋ᠦᠰᠦᠨ ᠱᠠᠲᠤᠨ ᠤ ᠤᠯᠤᠰ ᠲᠥᠷᠦ ᠶ᠋ᠢᠨ ᠠᠮᠢ ᠠᠬᠤᠶ ᠶ᠋ᠢ  ᠴᠢᠷᠮᠠᠶᠢᠨ ᠪᠣᠶ ᠪᠣᠯᠭᠠᠵᠤ ᠂ ᠲᠣᠰᠬᠣᠨ ᠤ ᠱᠠᠲᠤᠨ ᠤ ᠨᠠᠮ ᠤᠨ ᠵᠣᠬᠢᠶᠠᠨ  ᠪᠠᠶᠢᠭᠣᠯᠣᠯᠳᠠ ᠶ᠋ᠢᠨ  ᠲᠠᠶᠢᠴᠢᠨ ᠬᠦᠴᠦᠨ ᠂ ᠨᠢᠭᠳᠠᠷᠠᠯ ᠤᠨ ᠬᠦᠴᠦᠨ ᠢ ᠲᠠᠰᠤᠷᠠᠯᠲᠠ ᠦᠭᠡᠢ ᠴᠢᠩᠭᠠᠳᠬᠠᠵᠤ ᠂ ᠬᠥᠭᠵᠢᠯᠲᠡ ᠶ᠋ᠢ ᠬᠥᠲᠥᠯᠥᠨ ᠳᠠᠭᠠᠭᠤᠯᠬᠤ ᠂ ᠣᠯᠠᠨ ᠲᠦᠮᠡᠨ ᠳᠦ ᠦᠢᠯᠡᠴᠢᠯᠡᠬᠦ ᠴᠢᠳᠠᠪᠤᠷᠢ ᠪᠠ ᠲᠦᠪᠰᠢᠨ ᠢ ᠳᠡᠭᠡᠭᠰᠢᠯᠡᠭᠦᠯᠬᠦ ᠬᠡᠷᠡᠭᠲᠡᠶ ᠭᠡᠰᠡᠨ ᠪᠠᠶᠢᠨ᠎ᠠ ᠃

   

ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ