ᠪᠠᠶᠢᠰᠢᠩᠳᠣ ᠪᠠᠯᠭᠠᠰᠤ ᠄ ᠬᠠᠭᠣᠴᠢᠨ ᠵᠢᠭᠡᠯᠡᠯᠭᠡ ᠶ᠋ᠢᠨ ᠬᠦᠦ ᠮᠥᠩᠭᠥ ᠶ᠋ᠢ ᠪᠠᠭᠣᠷᠠᠭᠣᠯᠣᠨ ᠂ ᠮᠥᠩᠭᠥᠨ ᠭᠦᠢᠯᠭᠡᠭᠡ ᠪᠡᠷ ᠶᠠᠳᠠᠭᠤ ᠶ᠋ᠢ ᠲᠡᠳᠭᠦᠵᠣ ᠪᠠᠶᠢᠭ᠎ᠠ

ᠣᠩᠰᠢᠭᠰᠠᠨ ᠤᠳᠠᠭ᠎ᠠ ᠄ 8786     ᠨᠡᠶᠢᠳᠡᠯᠡᠭᠰᠡᠨ ᠴᠠᠭ ᠄ 2019/11/19 10:56:33

    11 ᠳ᠋ᠦ᠋ᠬᠡᠷ ᠰᠠᠷ᠎ᠠ ᠶ᠋ᠢᠨ 9 ‍ᠦ ᠡᠳ᠋ᠦᠷ ᠂ ᠪᠠᠶᠢᠰᠢᠩᠳᠣ ᠪᠠᠯᠭᠠᠰᠣ ᠶ᠋ᠢᠨ ᠰᠢᠨ ᠱᠦ ᠯᠢᠨ ᠲᠣᠰᠬᠣᠨ ᠤ ᠣᠨᠢᠨ ᠲᠡᠭᠡᠷ᠎ᠡ ᠨᠢ ᠶᠠᠳᠠᠭᠣ ᠵᠢ ᠲᠡᠳᠭᠦᠬᠦ ᠳᠠᠩᠰᠠ ᠳ᠋ᠥ ᠲᠡᠮᠳᠡᠭᠯᠡᠨ ᠺᠠᠷᠲ ᠵᠣᠬᠢᠶᠠᠭᠰᠠᠨ ᠶᠠᠳᠠᠭᠣ ᠬᠦᠴᠢᠷᠲᠡᠢ ᠡᠷᠦᠬᠡ ᠶ᠋ᠢᠨ ᠲᠢᠶᠠᠨ ᠰᠢᠶᠣᠤ ᠬᠤᠸᠠ ᠨᠢᠭᠡ ᠵᠢᠯ ᠦᠨ ᠣᠷᠣᠯᠭ᠎ᠠ ᠪᠣᠯᠬᠣ 38000 ᠲᠦᠭᠦᠷᠢᠭ ᠢᠶᠡᠨ ᠠᠪᠴᠣ ᠫᠢᠩ ᠠᠨ ᠳ᠋ᠢ ᠲᠠᠷᠢᠶᠠᠯᠠᠩ ᠤᠨ ᠬᠣᠷᠰᠢᠭᠰᠠᠨ ᠪᠠᠩᠬᠢ ᠳᠤ ᠬᠦᠷᠴᠦ ᠂ 5 ᠵᠢᠯ ᠳ᠋ᠥ ᠨᠢᠭᠡ ᠬᠦᠦ ᠮᠥᠩᠭᠥ ᠴᠦ ᠪᠠᠶᠢᠬᠣ ᠥᠬᠡᠶ 3 ᠲᠦᠮᠡᠨ ᠲᠥᠭᠥᠷᠢᠭ ᠦᠨ ᠬᠠᠭᠤᠴᠢᠨ ᠵᠢᠭᠡᠯᠡᠯᠭᠡ ᠪᠠᠨ ᠲᠥᠯᠥᠵᠦ ᠳᠠᠭᠤᠰᠬᠠᠵᠠᠶ ᠃

   

    ᠪᠠᠶᠢᠰᠢᠩᠳᠣ ᠪᠠᠯᠭᠠᠰᠣ ᠶ᠋ᠢᠨ ᠰᠢᠨ ᠱᠦ ᠯᠢᠨ ᠲᠣᠰᠬᠣᠨ ᠤ ᠠᠷᠠᠳ ᠲᠢᠶᠠᠨ ᠰᠢᠶᠣᠤ ᠬᠤᠸᠠ ᠄ 2014 ᠣᠨ ᠳᠤ ᠪᠢ ᠢᠲᠡᠭᠡᠮᠵᠢ ᠶ᠋ᠢᠨ ᠬᠣᠷᠰᠢᠶᠠᠵᠢᠯ ᠡᠴᠠ 30000 ᠲᠥᠭᠥᠷᠢᠭ ᠵᠢᠭᠡᠯᠡᠵᠦ ᠂ ᠬᠡᠦᠬᠡᠨ ᠢᠶ᠋ᠡᠨ ᠰᠤᠷᠭᠠᠭᠤᠯᠢ ᠳᠤ ᠰᠠᠭᠤᠯᠭᠠᠵᠠᠶ ᠂ ᠡᠨᠡ ᠬᠡᠳ᠋ᠦᠨ ᠵᠢᠯ ᠪᠢ ᠪᠤᠴᠠᠭᠠᠬᠤ ᠰᠠᠨᠠᠭ᠎ᠠ ᠲᠠᠶ ᠪᠠᠶᠢᠭᠰᠠᠨ ᠴᠦ ᠭᠠᠵᠠᠷ ᠪᠠᠭ᠎ᠠ ᠂ ᠳᠡᠮᠡᠶ ᠣᠷᠣᠯᠭ᠎ᠠ ᠦᠭᠡᠢ ᠡᠴᠠ ᠤᠳᠠᠭᠠᠰᠢᠷᠠᠭᠤᠯᠤᠭᠠᠳ ᠣᠳᠣ  ᠪᠣᠯᠣᠭᠰᠠᠨ ᠪᠠᠶᠢᠨ᠎ᠠ ᠃ ᠡᠨᠡ ᠵᠢᠯ ᠯᠢ ᠱᠦᠵᠢ ᠪᠣᠯᠣᠨ ᠲᠣᠰᠬᠣᠨ ᠤ  ᠳᠡᠮᠵᠢᠯᠭᠡ  ᠲᠣᠣᠷ᠎ᠠ ᠡᠨᠡ ᠵᠣᠭᠣᠰ ᠢ ᠲᠦᠯᠦᠵᠣ  ᠳᠠᠭᠤᠰᠬᠠᠵᠠᠶ ᠂ ᠮᠢᠨᠦ ᠰᠡᠳᠬᠢᠯ ᠠᠮᠠᠷᠠᠭᠰᠠᠨ ᠪᠠᠶᠢᠨ᠎ᠠ ᠃

    

     2014 ᠣᠨ ᠳᠤ ᠂ ᠲᠢᠶᠠᠨ ᠰᠢᠶᠣᠤ ᠬᠤᠸᠠ ᠶ᠋ᠢᠨ ᠬᠣᠶᠠᠷ ᠬᠡᠦᠬᠡᠳ ᠨᠢ ᠪᠢᠴᠢᠭ ᠦᠵᠡᠵᠣ ᠂ ᠡᠬᠡᠨᠡᠷ ᠨᠢ ᠬᠦᠨᠳᠦ ᠡᠪᠡᠳᠴᠢᠯᠡᠭᠰᠡᠨ ᠡᠴᠡ ᠪᠣᠯᠵᠣ ᠂ ᠫᠢᠩ ᠠᠨ ᠳ᠋ᠢ ᠲᠠᠷᠢᠶᠠᠯᠠᠩ ᠤᠨ ᠬᠣᠷᠰᠢᠭᠰᠠᠨ ᠪᠠᠩᠭᠢ ᠡᠴᠡ 3 ᠲᠦᠮᠡᠨ ᠲᠥᠭᠥᠷᠢᠭ ᠦᠨ ᠵᠢᠭᠡᠯᠡᠯᠭᠡ ᠵᠢᠬᠡᠯᠡᠵᠦ ᠂ 2015 ᠣᠨ ᠳ᠋ᠥ ᠲᠢᠶᠠᠨ ᠰᠢᠶᠣᠣ ᠬᠤᠸᠠ ᠴᠦ ᠡᠪᠡᠳᠴᠢᠯᠡᠭᠰᠡᠨ ᠡᠴᠡ ᠵᠢᠭᠡᠯᠡᠯᠭᠡ ᠪᠠᠨ ᠲᠦᠯᠦᠵᠣ ᠲᠡᠶᠢᠯᠦᠭᠰᠡᠨ ᠦᠭᠡᠢ ᠪᠠᠶᠢᠵᠠᠢ ᠃ 2019 ᠣᠨ ᠤ ᠡᠬᠢ ᠪᠡᠷ ᠂  ᠪᠠᠩᠭᠢ ᠡᠴᠠ ᠵᠢᠭᠡᠯᠡᠯᠭᠡ ᠪᠠᠨ ᠨᠡᠭᠡᠬᠡᠬᠦ ᠪᠣᠯᠣᠭᠰᠠᠨ ᠳ᠋ᠥ  ᠰᠠᠶ᠋ᠢ  ᠵᠢᠭᠡᠯᠯᠡᠭᠡ ᠨᠢ ᠬᠦᠬᠦ ᠮᠦᠩᠭᠦ ᠪᠠᠨ ᠨᠡᠮᠡᠭᠡᠳ 69800 ᠭᠠᠷᠤᠶ ᠲᠥᠭᠥᠷᠢᠭ ᠬᠦᠷᠦᠭᠰᠡᠨ ‍ᠢ ᠮᠡᠳᠡᠵᠦ ᠂ ᠲᠠᠭᠠᠴᠢᠯᠠᠭᠰᠠᠨ  ᠺᠠᠳ᠋ᠷ ᠲᠥᠷᠦ ᠶ᠋ᠢᠨ ᠪᠣᠳᠣᠯᠭ᠎ᠠ ᠶ᠋ᠢᠨ ᠲᠣᠭᠲᠠᠭᠠᠯ ‍ᠢ ᠦᠨᠳ᠋ᠦᠰᠦᠯᠡᠨ ᠢᠳᠡᠪᠬᠢᠲᠡᠢ ᠵᠣᠬᠢᠴᠠᠭᠤᠯᠵᠤ ᠂ ᠲᠢᠶᠠᠨ ᠰᠢᠶᠣᠤ ᠬᠤᠸᠠ ᠶ᠋ᠢ ᠬᠠᠪᠰᠤᠷᠤᠨ ᠪᠦᠬᠦ ᠬᠦᠦ ᠮᠥᠩᠭᠥ ᠶ᠋ᠢ ᠨᠢ ᠬᠠᠰᠠᠭᠣᠯᠣᠭᠰᠠᠨ ᠪᠠᠶᠢᠨ᠎ᠠ ᠃

    

      ᠪᠠᠶᠢᠰᠢᠩᠳᠣ ᠪᠠᠯᠭᠠᠰᠣ ᠶ᠋ᠢᠨ ᠵᠠᠰᠠᠭ ᠤᠨ ᠣᠷᠳᠣᠨ ᠤ ᠡᠪᠯᠡᠯ ᠦᠨ ᠬᠣᠷᠢᠶᠠᠨ ᠤ ᠱᠦᠵᠢ ᠂  ᠰᠢᠨ ᠱᠦ ᠯᠢᠨ ᠲᠣᠰᠬᠣᠨ ᠤ ᠨᠢᠭᠡᠳ᠋ᠦᠭᠡᠷ ᠱᠦᠵᠢ   ᠯᠢ ᠨᠢᠩ ᠄  ᠡᠨᠡ ᠡᠷᠦᠬᠡ  ᠨᠡᠶᠢᠲᠡ  ᠳᠥᠷᠪᠡᠨ ᠵᠦᠢᠯ ᠦᠨ ᠲᠥᠷᠥ ᠶ᠋ᠢᠨ ᠪᠣᠳᠣᠯᠭ᠎ᠠ ᠶ᠋ᠢ ᠡᠳ᠋ᠯᠡᠵᠡᠶ ᠃ ᠨᠢᠭᠡᠳ᠋ᠦᠭᠡᠷ ᠲᠦ ᠂ ᠡᠷᠡᠭᠦᠯ ᠮᠡᠨᠳᠦ ᠪᠡᠷ ᠶᠠᠳᠠᠭᠤ ᠶ᠋ᠢ ᠲᠡᠳᠬᠦᠵᠦ ᠂ ᠬᠣᠷᠰᠢᠭᠰᠠᠨ ᠡᠮᠨᠡᠯᠭᠡ ᠶ᠋ᠢᠨ ᠳᠠᠭᠠᠳᠬᠠᠯ ᠡᠳᠡᠯᠡᠨ ᠂ ᠵᠣᠬᠢᠬᠤ ᠬᠡᠮᠵᠢᠶ᠎ᠡ ᠪᠡᠷ ᠬᠠᠰᠤᠵᠤ ᠬᠡᠯᠳᠦᠷᠢᠭᠦᠯᠦᠭᠰᠡᠨ ᠪᠠᠶᠢᠨ᠎ᠠ ︔ 15000 ᠲᠥᠭᠥᠷᠢᠭ ᠦᠨ ᠠᠵᠤ ᠦᠢᠯᠡᠰ ᠢᠶ᠋ᠡᠷ ᠶᠠᠳᠠᠭᠤ ᠶ᠋ᠢ ᠲᠡᠳᠬᠦᠬᠦ ᠪᠠᠯᠠ ᠮᠥᠩᠭᠥ ᠶ᠋ᠢ ᠨᠠᠶᠢᠳᠠᠪᠣᠷᠢᠵᠢᠭᠣᠯᠣᠨ ᠂ ᠬᠣᠶᠠᠷ ᠰᠠᠭᠤᠷᠢ ᠡᠬᠡ ᠮᠠᠯ ᠬᠤᠳᠠᠯᠳᠤᠨ ᠠᠪᠴᠤ ᠂ ᠤᠳᠤ ᠨᠢᠭᠡᠨᠲᠡ ᠲᠤᠭᠤᠯᠯᠠᠵᠠᠶ ︔ ᠪᠢᠳᠡᠨ ᠤ ᠲᠣᠬᠢᠷᠠᠭᠣᠯᠣᠯᠭ᠎ᠠ ᠲᠣᠣᠷ᠎ᠠ ᠲᠢᠶᠠᠨ ᠰᠢᠶᠣᠤ ᠬᠤᠸᠠ 2014 ᠣᠨ ᠳᠤ ᠫᠢᠩ ᠠᠨ ᠳ᠋ᠢ ᠲᠠᠷᠢᠶᠠᠯᠠᠩ  ᠤᠨ ᠬᠣᠷᠰᠢᠭᠰᠠᠨ ᠪᠠᠩᠬᠢ ᠡᠴᠠ ᠵᠢᠭᠡᠯᠡᠭᠰᠡᠨ 30000 ᠲᠥᠭᠥᠷᠢᠭ ᠦᠨ ᠵᠢᠭᠡᠯᠯᠡᠭᠡ ᠶ᠋ᠢᠨ ᠬᠦᠦ ᠮᠦᠩᠭᠦ ᠵᠢ ᠪᠦᠬᠦᠨ ‍ᠢ ᠬᠠᠰᠣᠭᠰᠠᠨ ᠪᠠᠶᠢᠨ᠎ᠠ ᠃ ᠡᠭᠦᠨ ᠡᠴᠡ ᠭᠠᠳᠠᠨ᠎ᠠ ᠂ ᠪᠢᠳᠡ ᠢᠳᠡᠪᠬᠢᠲᠡᠶ ᠪᠡᠷ ᠵᠣᠬᠢᠴᠠᠭᠤᠯᠵᠤ ᠂ ᠲᠡᠭᠦᠨ ᠳ᠋ᠥ ᠬᠠᠮᠣᠭ ᠤᠨ ᠲᠣᠣᠷ᠎ᠠ ᠠᠮᠢᠳᠣᠷᠠᠯ ᠤᠨ ᠪᠠᠲᠤᠯᠠᠭ᠎ᠠ ᠶ᠋ᠢ ᠭᠣᠶᠣᠴᠢᠯᠠᠵᠣ ᠦᠭᠭᠦᠭᠰᠡᠨ ᠪᠠᠶᠢᠨ᠎ᠠ ᠃

    

      ᠲᠠᠷᠢᠶᠠᠯᠠᠩ ᠤᠨ ᠬᠣᠷᠰᠢᠭᠰᠠᠨ ᠪᠠᠩᠬᠢ ᠶ᠋ᠢᠨ ᠫᠢᠩ ᠠᠨ ᠳ᠋ᠢ ᠰᠠᠯᠪᠤᠷᠢ ᠪᠠᠩᠬᠢ ᠶ᠋ᠢᠨ ᠲᠠᠷᠣᠭ᠎ᠠ   ᠰᠠᠶᠢᠵᠢᠷᠠᠬᠣ ᠄  ᠲᠡᠭᠦᠨ ᠦ ᠵᠢᠭᠡᠯᠡᠯᠭᠡ ᠶ᠋ᠢᠨ ᠡᠬᠡ ᠮᠦᠩᠬᠦ ᠨᠢ 30000 ᠲᠦᠭᠦᠷᠢᠭ ᠪᠠᠶᠢᠵᠣ ᠂ ᠬᠦᠦ ᠮᠥᠩᠭᠥ ᠨᠢ 30000 ᠢᠯᠡᠭᠦᠦ ᠲᠦᠭᠦᠷᠢᠭ    ᠲᠦ  ᠬᠦᠷᠴᠡᠢ ᠂ ᠣᠶᠢᠯᠠᠭᠠᠯᠳᠠ ᠪᠡᠷ ᠭᠡᠷ ᠪᠦᠯᠢ ᠨᠢ ᠴᠦ ᠨᠡᠯᠢᠶᠡᠳ ᠬᠦᠴᠢᠷᠲᠡᠶ ᠃ ᠬᠣᠰᠢᠭᠤᠨ ᠤ ᠵᠠᠰᠠᠭ ᠤᠨ ᠣᠷᠳᠣᠨ ᠤ ᠶᠠᠳᠠᠭᠤ ᠶ᠋ᠢ ᠲᠡᠳᠬᠦᠬᠦ ᠲᠥᠷᠥ ᠶ᠋ᠢᠨ ᠪᠣᠳᠣᠯᠭ᠎ᠠ ᠨᠢ ᠮᠠᠨ ᠤ ᠰᠢᠰᠲ᠋ᠧᠮ ᠦᠨ ᠮᠥᠩᠭᠥᠨ ᠬᠦᠢᠯᠭᠡᠭᠡ ᠢᠶ᠋ᠡᠷ ᠶᠠᠳᠠᠭᠤ ᠶ᠋ᠢ ᠲᠡᠳᠬᠦᠬᠦ ᠲᠥᠷᠥ ᠶ᠋ᠢᠨ ᠪᠣᠳᠣᠯᠭ᠎ᠠ ᠲᠠᠢ ᠤᠶᠠᠯᠳᠤᠵᠤ ᠂ ᠪᠢᠳᠡ ᠪᠠᠰᠠ ᠡᠷᠬᠡᠪᠰᠢ ᠲᠤᠬᠠᠶ ᠶ᠋ᠢᠨ ᠭᠠᠵᠠᠷ ᠤᠨ ᠵᠠᠰᠠᠭ ᠤᠨ ᠣᠷᠳᠣᠨ ᠤ ᠤᠳᠤᠷᠢᠳᠤᠯᠭ᠎ᠠ ᠪᠣᠯᠤᠨ ᠬᠣᠯᠪᠣᠭᠳᠠᠯ ᠪᠦᠬᠦᠢ ᠰᠠᠯᠠᠭ᠎ᠠ ᠮᠥᠴᠢᠷ ᠦᠨ ᠰᠠᠨᠠᠯ ᠢ ᠳᠡᠮᠵᠢᠬᠦ ᠬᠡᠷᠡᠭᠲᠡᠶ ᠣᠴᠢᠷ ᠡᠴᠠ ᠂ ᠵᠥᠪᠳᠡᠯᠴᠡᠬᠦ ᠪᠡᠷ ᠳᠠᠮᠵᠢᠨ ᠂ ᠪᠦᠬᠦ ᠬᠦᠦ ᠮᠥᠩᠭᠥ ᠶ᠋ᠢ ᠨᠢ ᠬᠠᠰᠣᠵᠣ ᠂ ᠤᠨᠢᠨ ᠳᠡᠭᠡᠷ᠎ᠡ ᠨᠢ ᠶᠠᠳᠠᠭᠤ ᠶ᠋ᠢ ᠲᠡᠳᠬᠦᠬᠦ ᠲᠠᠯ᠎ᠠ ᠪᠠᠷ ᠪᠢᠳᠡ ᠪᠠᠰᠠ ᠨᠢᠭᠡ ᠬᠤᠪᠢ ᠬᠦᠴᠦ ᠭᠠᠷᠭᠠᠵᠤ ᠪᠠᠶᠢᠭ᠎ᠠ ᠶᠤᠮ ᠃

    

     ᠲᠢᠶᠠᠨ ᠰᠢᠶᠣᠤ ᠬᠤᠸᠠ ᠮᠡᠲᠦ ᠶ᠋ᠢᠨ ᠬᠠᠭᠤᠴᠢᠨ ᠵᠢᠭᠡᠯᠡᠯᠭᠡ ᠲᠠᠢ ᠲᠠᠩᠰᠠᠨ ᠳ᠋ᠥ ᠲᠡᠮᠳᠡᠭᠯᠡᠨ ᠺᠠᠷᠲ ᠪᠠᠶᠢᠭᠣᠯᠣᠭᠰᠠᠨ ᠡᠷᠦᠭᠡ ᠪᠠᠶᠢᠰᠢᠩᠳᠣ ᠪᠠᠯᠭᠠᠰᠣᠨ ᠳ᠋ᠥ  ᠨᠡᠶᠢᠲᠡ  101 ᠡᠷᠦᠬᠡ ᠪᠠᠶᠢᠵᠣ ᠂ ᠬᠦᠦ ᠮᠥᠩᠭᠥ ᠶ᠋ᠢ ᠬᠦᠩᠭᠡᠯᠡᠨ ᠬᠡᠯᠲᠦᠷᠢᠭᠦᠯᠬᠦ ᠲᠥᠷᠦ ᠶ᠋ᠢᠨ ᠪᠣᠳᠣᠯᠭ᠎ᠠ ᠶ᠋ᠢ ᠬᠡᠷᠡᠭᠵᠢᠭᠦᠯᠦᠭᠰᠡᠨ ᠦ ᠳᠠᠷᠠᠭ᠎ᠠ ᠂ ᠪᠠᠯᠭᠠᠰᠣ ᠲᠣᠰᠬᠣᠨ ᠤ ᠬᠣᠶᠠᠷ ᠱᠠᠲᠤᠨ ᠤ  ᠺᠠᠳ᠋ᠷ ᠬᠠᠷᠢᠭᠤᠴᠠᠯᠭ᠎ᠠ ᠶ᠋ᠢᠨ ᠮᠥᠷᠳᠡᠯᠲᠡ ᠶ᠋ᠢ  ᠨᠠᠶᠢᠳᠠᠪᠣᠷᠢᠵᠢᠭᠣᠯᠣᠨ ᠂ ᠣᠷᠣᠨ ᠬᠤᠪᠢᠶᠠᠨ ᠬᠢᠨᠠᠨ ᠰᠢᠢᠳᠪᠦᠷᠢᠯᠡᠵᠣ ᠂ ᠵᠢᠯ ᠦᠨ ᠡᠴᠦᠰ ᠡᠴᠡ ᠡᠮᠦᠨ᠎ᠡ ᠪᠠᠯᠭᠠᠰᠤᠨ ᠤ ᠲᠠᠩᠰᠠᠨ ᠳ᠋ᠥ ᠲᠡᠮᠳᠡᠭᠯᠡᠨ ᠺᠠᠷᠲ ᠪᠠᠶᠢᠭᠣᠯᠣᠭᠰᠠᠨ ᠡᠷᠦᠭᠡ ᠶ᠋ᠢᠨ ᠬᠠᠭᠤᠴᠢᠨ ᠵᠢᠭᠡᠯᠡᠯᠭᠡ ᠶ᠋ᠢ ᠠᠷᠢᠯᠭᠠᠬᠤ ᠠᠵᠢᠯ ᠢ ᠪᠡᠶᠡᠯᠡᠭᠦᠯᠬᠦ ᠪᠡᠷ ᠲᠥᠯᠥᠪᠯᠡᠵᠦ ᠪᠠᠶᠢᠨ᠎ᠠ ᠃

   

      ᠪᠠᠶᠢᠰᠢᠩᠳᠣ ᠪᠠᠯᠭᠠᠰᠣ ᠶ᠋ᠢᠨ ᠳᠠᠷᠤᠭ᠎ᠠ ᠶᠢᠦ ᠵᠢᠩ ᠸᠸᠨ ᠄  ᠶᠠᠳᠠᠭᠤ ᠡᠴᠠ ᠠᠩᠭᠢᠵᠢᠷᠠᠭᠣᠯᠣᠨ ᠪᠣᠭᠣᠮᠳᠠ ᠰᠢᠪᠳᠣᠯᠠᠬᠣ ᠵᠠᠩᠭᠢᠯᠠᠭ᠎ᠠ ᠶ᠋ᠢᠨ ᠦᠶ᠎ᠡ ᠳᠤ ᠂ ᠬᠣᠰᠢᠭᠤᠨ ᠤ ᠨᠠᠮ ᠤᠨ ᠬᠣᠷᠢᠶ᠎ᠠ ᠵᠠᠰᠠᠭ ᠤᠨ ᠣᠷᠳᠣᠨ ᠠᠷᠠᠳ ᠣᠯᠠᠨ ᠦ ᠳᠠᠷᠤᠭᠠᠰᠤ ᠶ᠋ᠢ ᠬᠥᠩᠭᠡᠯᠡᠬᠦ ᠶ᠋ᠢᠨ ᠲᠥᠯᠥᠭᠡ ᠂ ᠲᠠᠩᠰᠠᠨ ᠳ᠋ᠥ ᠲᠡᠮᠳᠡᠭᠯᠡᠨ ᠺᠠᠷᠲ ᠪᠠᠶᠢᠭᠣᠯᠣᠭᠰᠠᠨ ᠡᠷᠦᠭᠡ ᠶ᠋ᠢᠨ ᠬᠦᠦ ᠮᠥᠩᠭᠥ ᠶ᠋ᠢ ᠭᠦᠩᠭᠡᠯᠡᠨ ᠬᠡᠯᠲᠦᠷᠢᠭᠦᠯᠬᠦ ᠬᠠᠷᠠᠭᠠᠯᠵᠠᠯ ᠤᠨ ᠲᠥᠷᠥ ᠶ᠋ᠢᠨ ᠪᠣᠳᠣᠯᠭ᠎ᠠ ᠶ᠋ᠢ ᠨᠡᠶᠢᠳᠡᠯᠡᠵᠣ ᠂  ᠪᠦᠬᠦᠶᠢᠯᠡ  ᠲᠥᠷᠥ ᠶ᠋ᠢᠨ ᠪᠣᠳᠣᠯᠭ᠎ᠠ ᠶ᠋ᠢᠨ ᠲᠣᠭᠲᠠᠭᠠᠯ ᠪᠣᠯ 2015 ᠣᠨ ᠡᠴᠠ ᠡᠮᠦᠨᠡᠬᠢ ᠬᠦᠦ ᠮᠥᠩᠭᠥ ᠶ᠋ᠢ ᠪᠦᠬᠦᠨ ᠢ ᠬᠥᠩᠭᠡᠯᠡᠨ  ᠬᠡᠯᠳᠦᠷᠢᠬᠦᠯᠵᠣ ᠂ 2015 ᠣᠨ ᠤ 1 ᠰᠠᠷ᠎ᠠ ᠶ᠋ᠢᠨ 1 ᠦ ᠡᠳ᠋ᠦᠷ ᠡᠴᠡ ᠰᠡᠭᠦᠯᠡᠷᠬᠢ ᠬᠡᠰᠡᠭ ᠬᠦᠦ ᠮᠥᠩᠭᠥ ᠶ᠋ᠢ ᠭᠦᠩᠭᠡᠯᠡᠨ ᠂ ᠲᠤᠬᠠᠶ ᠶ᠋ᠢᠨ ᠵᠢᠯ ᠦᠨ ᠬᠦᠦ ᠮᠥᠩᠭᠥ ᠶ᠋ᠢᠨ ᠨᠣᠷᠮ᠎ᠠ ᠪᠠᠷ ᠪᠣᠳᠣᠨ᠎ᠠ ᠃ ᠮᠠᠨ ᠤ ᠪᠠᠶᠢᠰᠢᠩᠳᠣ ᠪᠠᠯᠭᠠᠰᠣ ᠳ᠋ᠥ ᠬᠠᠭᠣᠴᠢᠨ ᠵᠢᠭᠡᠯᠡᠯᠭᠡ ᠲᠠᠢ ᠶᠠᠳᠠᠭᠤ ᠬᠦᠴᠢᠷᠳᠡᠯᠲᠡᠶ ᠡᠷᠦᠬᠡ 101 ᠪᠠᠶᠢᠵᠣ ᠂ ᠵᠢᠭᠡᠯᠡᠯᠭᠡ 345 ᠲᠦᠮᠡᠨ ᠲᠥᠭᠥᠷᠢᠭ  ᠪᠠᠶᠢᠵᠦ  ᠂ ᠬᠦᠦ ᠮᠥᠩᠭᠥ ᠨᠢ ᠪᠠᠷᠤᠭ 360 ᠭᠠᠷᠤᠶ ᠲᠦᠮᠡᠨ ᠲᠥᠭᠥᠷᠢᠭ  ᠲᠦ  ᠬᠦᠷᠴᠣ ᠂ ᠣᠶᠢᠷ᠎ᠠ ᠶ᠋ᠢᠨ ᠬᠤᠭᠤᠴᠠᠭᠠᠨ ᠳᠤ ᠪᠢᠳᠡ ᠲᠠᠩᠰᠠᠨ ᠳ᠋ᠥ ᠲᠡᠮᠳᠡᠭᠯᠡᠨ ᠺᠠᠷᠲ ᠪᠠᠶᠢᠭᠣᠯᠣᠭᠰᠠᠨ ᠡᠷᠦᠭᠡ ᠲᠠᠢ ᠢᠳᠡᠪᠬᠢᠲᠡᠢ ᠬᠠᠷᠢᠯᠴᠠᠵᠤ ᠂ ᠲᠡᠳᠡ ᠨᠠᠷ ‍ᠢ ᠵᠢᠭᠡᠯᠡᠯᠭᠡ ᠵᠢ ᠨᠢ ᠪᠣᠴᠠᠭᠠᠯᠭᠠᠵᠣ ᠂ ᠣᠯᠠᠨ ᠲᠦᠮᠡᠨ ᠦ ᠢᠳᠡᠪᠬᠢᠵᠢᠯ ᠨᠡᠯᠢᠶᠡᠳ ᠥᠨᠳᠥᠷ  ᠪᠠᠶᠢᠨ᠎ᠠ ᠃ ᠪᠢᠳᠡ 12 ᠰᠠᠷ᠎ᠠ ᠶ᠋ᠢᠨ ᠰᠡᠭᠦᠯᠴᠢ ᠡᠴᠡ ᠡᠮᠦᠨ᠎ᠡ ᠪᠥᠬᠥ ᠪᠠᠯᠭᠠᠰᠤᠨ ᠤ 101 ᠲᠠᠩᠰᠠᠨ ᠳ᠋ᠥ ᠲᠡᠮᠳᠡᠭᠯᠡᠨ ᠺᠠᠷᠲ ᠪᠠᠶᠢᠭᠣᠯᠣᠭᠰᠠᠨ ᠡᠷᠦᠭᠡ ᠶ᠋ᠢᠨ ᠬᠠᠭᠣᠴᠢᠨ ᠵᠢᠭᠡᠯᠡᠯᠭᠡ ᠶ᠋ᠢ ᠪᠦᠬᠦᠨ ᠢ ᠪᠤᠴᠠᠭᠠᠬᠤ ᠪᠠᠷ ᠲᠥᠯᠥᠪᠯᠡᠵᠦ ᠪᠠᠶ᠋ᠢᠨ᠎ᠠ ᠃
ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ