ᠬᠣᠷᠴᠢᠨ — ᠨᠠᠢᠮᠠᠨ ᠤ 500 ᠺᠢᠯᠣᠸᠠᠲ ‍ᠤᠨ ᠴᠠᠬᠢᠯᠭᠠᠨ ᠬᠦᠴᠦᠳᠡᠯ ᠥᠭᠡᠷᠡᠴᠢᠯᠡᠬᠦ ᠢᠨᠵᠧᠨᠧᠷᠢᠩ ᠵᠢᠩᠬᠢᠨᠢ ᠪᠡᠷ ᠠᠰᠢᠭᠯᠠᠯᠳᠠ ᠳ᠋ᠥ ᠣᠷᠣᠭᠰᠠᠨ

ᠣᠩᠰᠢᠭᠰᠠᠨ ᠤᠳᠠᠭ᠎ᠠ ᠄ 1310     ᠨᠡᠶᠢᠳᠡᠯᠡᠭᠰᠡᠨ ᠴᠠᠭ ᠄ 2019/11/1 11:35:48

       10 ᠳ᠋ᠣᠭᠠᠷ ᠰᠠᠷ᠎ᠠ ᠶ᠋ᠢᠨ 26 ‍ᠦ ᠡᠳᠦᠷ ᠂ ᠳ᠋ᠠᠴᠢᠨᠲᠠᠯ᠎ᠠ ᠪᠠᠯᠭᠠᠰᠤᠨ ‍ᠤ ᠪᠠᠭ᠎ᠠ ᠪᠦᠷᠭᠡ ᠭᠠᠴᠠᠭᠠᠨ ‍ᠤ ᠵᠢᠨ ᠱᠠ 500 ᠺᠢᠯᠣᠸᠠᠲ ‍ᠤᠨ ᠬᠦᠴᠦᠳᠡᠯ ᠥᠭᠡᠷᠡᠴᠢᠯᠡᠬᠦ ᠥᠷᠲᠡᠭᠡ ᠶ᠋ᠢᠨ ᠲᠣᠷᠰᠢᠨ  ᠠᠵᠢᠯᠯᠠᠭᠰᠠᠨ ᠪᠠᠶᠢᠨ᠎ᠠ ᠃ ᠲᠣᠰ ᠢᠨᠵᠧᠨᠧᠷᠢᠩ ᠠᠰᠢᠭᠯᠠᠯᠲᠠ ᠳ᠋ᠤ ᠣᠷᠣᠭᠰᠠᠨ ‍ᠤ ᠳᠠᠷᠠᠭ᠎ᠠ ᠮᠠᠨ ‍ᠤ ᠬᠣᠰᠢᠭᠤᠨ ‍ᠤ 500 ᠺᠢᠯᠣᠸᠠᠲ ‍ᠤᠨ ᠴᠠᠬᠢᠯᠭᠠᠨ ᠬᠦᠴᠦᠳᠡᠯ ᠥᠭᠡᠷᠡᠴᠢᠯᠡᠬᠦ ᠥᠷᠲᠡᠭᠡ ᠶ᠋ᠢᠨ ᠳᠠᠩ ᠰᠢᠪᠲᠤᠯᠤᠯᠲᠠ ᠶ᠋ᠢ ᠪᠡᠶᠡᠯᠡᠭᠦᠯᠪᠡ ᠃

          

      ᠭᠤᠷᠪᠠᠨ ᠡᠳᠦᠷ ‍ᠦᠨ ᠲᠤᠷᠰᠢᠨ ᠲᠣᠬᠢᠷᠠᠭᠤᠯᠤᠯᠲᠠ ᠪᠠᠷ ᠳᠠᠮᠵᠢᠨ ᠂ ᠨᠡᠶᠢᠲᠡ 1000 ᠭᠠᠷᠤᠶ ᠵᠦᠢᠯ ‍ᠦᠨ ᠠᠵᠢᠯᠯᠠᠭᠠᠨ ‍ᠤ ᠵᠢᠭᠠᠪᠤᠷᠢ ᠪᠠᠷ 10 ᠳ᠋ᠣᠭᠠᠷ ᠰᠠᠷ᠎ᠠ ᠶ᠋ᠢᠨ 26 ‍ᠦ ᠡᠳᠦᠷ ‍ᠦᠨ 13 ᠴᠠᠭ 25 ᠮᠢᠨᠦ᠋ᠲ ᠲᠦ ᠂ ᠵᠢᠨ ᠱᠠ 500 ᠺᠢᠯᠣᠸᠠᠲ ‍ᠤᠨ ᠬᠦᠴᠦᠳᠡᠯ ᠥᠭᠡᠷᠡᠴᠢᠯᠡᠬᠦ ᠥᠷᠲᠡᠭᠡ 5011 ᠨᠡᠭᠡᠭᠡᠯᠭᠡ ᠪᠡᠷ  ᠴᠠᠬᠢᠯᠭᠠᠨ ᠬᠦᠷᠭᠡᠨ ᠂ ᠵᠢᠩᠭᠢᠨᠢ ᠠᠰᠢᠭᠯᠠᠯᠳᠠ ᠳ᠋ᠥ ᠣᠷᠣᠭᠰᠠᠨ ᠪᠠᠶᠢᠨ᠎ᠠ ᠃

      ᠣᠯᠠᠨ ᠵᠢᠯ ‍ᠦᠨ ᠲᠤᠷᠰᠢ ᠂ ᠮᠠᠨ ‍ᠤ ᠬᠣᠰᠢᠭᠤ ᠺᠠᠶᠢᠯᠦ ᠰᠢᠶᠠᠨ ᠤ 220 ᠺᠢᠯᠣᠸᠠᠲ ᠴᠠᠬᠢᠯᠭᠠᠨ ᠬᠦᠴᠦᠳᠡᠯ ᠥᠭᠡᠷᠡᠴᠢᠯᠡᠬᠦ ᠥᠷᠲᠡᠭᠡ ᠳ᠋ᠥ ᠲᠦᠰᠢᠭᠯᠡᠨ ᠴᠠᠬᠢᠯᠭᠠᠨ ᠬᠦᠷᠭᠡᠵᠦ ᠂ 220 ᠺᠢᠯᠣᠸᠠᠲ ‍ᠤᠨ ᠴᠠᠬᠢᠯᠭᠠᠨ ᠬᠠᠩᠭᠠᠬᠤ ᠲᠣᠭᠲᠠᠭᠤᠨ ᠴᠢᠨᠠᠷ ᠳᠣᠣᠷ᠎ᠠ ᠪᠠᠶᠢᠵᠣ ᠂ ᠮᠠᠨ ‍ᠤ ᠬᠣᠰᠢᠭᠣᠨ ᠤ ᠴᠠᠬᠢᠯᠭᠠᠨ ᠬᠡᠷᠡᠭᠯᠡᠬᠦ ᠣᠷᠭᠢᠯ ‍ᠤᠨ ᠬᠤᠭᠤᠴᠠᠭᠠᠨ ᠳ᠋ᠤ ᠦᠷᠭᠦᠯᠵᠢ ᠴᠠᠬᠢᠯᠭᠠᠨ ᠵᠣᠭᠰᠣᠬᠤ ᠂ ᠴᠠᠬᠢᠯᠭᠠᠨ ᠲᠠᠰᠤᠷᠠᠬᠤ  ᠪᠠᠶᠢᠳᠠᠯ ᠭᠠᠷᠳᠠᠭ ᠃ ᠵᠢᠨ ᠱᠠ 500 ᠺᠢᠯᠣᠸᠠᠲ ‍ᠤᠨ ᠬᠦᠴᠦᠳᠡᠯ ᠥᠭᠡᠷᠡᠴᠢᠯᠡᠬᠦ ᠥᠷᠲᠡᠭᠡ ᠶ᠋ᠢᠨ ᠠᠰᠢᠭᠯᠠᠯᠲᠠ ᠳ᠋ᠤ ᠣᠷᠣᠭᠰᠠᠨ ᠨᠢ ᠮᠠᠨ ‍ᠤ ᠬᠣᠰᠢᠭᠤᠨ ‍ᠤ ᠴᠠᠬᠢᠯᠭᠠᠨ ᠬᠠᠩᠭᠠᠬᠤ ᠴᠢᠨᠠᠷ ‍ᠢ ᠳᠡᠭᠡᠭᠰᠢᠯᠡᠭᠦᠯᠵᠦ ᠂ ᠮᠠᠨ ‍ᠤ ᠬᠣᠰᠢᠭᠤᠨ ‍ᠤ ᠳᠣᠲᠣᠷᠠᠬᠢ ᠴᠠᠬᠢᠯᠭᠠᠨ ᠬᠠᠩᠭᠠᠬᠤ ᠬᠡᠮᠵᠢᠶ᠎ᠡ ᠶ᠋ᠢ ᠤᠤᠯ ‍ᠤᠨ ᠰᠠᠭᠤᠷᠢᠨ ᠳᠡᠭᠡᠷ᠎ᠡ 3 ᠡᠴᠠ 4 ᠳᠠᠬᠢᠨ ᠨᠡᠮᠡᠭᠳᠡᠭᠦᠯᠵᠦ ᠂ ᠠᠰᠢᠭᠯᠠᠯᠲᠠ ᠳ᠋ᠤ ᠣᠷᠣᠭᠰᠠᠨ ‍ᠤ ᠳᠠᠷᠠᠭ᠎ᠠ ᠂ ᠵᠢᠯ ‍ᠦᠨ ᠴᠠᠬᠢᠯᠭᠠᠨ ᠬᠠᠩᠭᠠᠬᠤ ᠬᠡᠮᠵᠢᠶ᠎ᠡ 100 ᠳ᠋ᠦᠩᠰᠢᠭᠤᠷ ᠪᠣᠭᠣᠮᠲᠠ ᠶ᠋ᠢ ᠳᠠᠪᠠᠵᠤ ᠂ ᠵᠢᠱᠢᠯᠲᠡ ᠪᠡᠷ 105 ᠡᠴᠠ 120 ᠳ᠋ᠦᠩᠰᠢᠭᠤᠷ ᠺᠢᠯᠣᠸᠠᠲ ᠴᠠᠭ ᠲᠤ ᠬᠦᠷᠬᠦ ᠪᠣᠯᠤᠨ᠎ᠠ ᠃

     

      ᠤᠯᠤᠰ ᠤᠨ ᠴᠠᠬᠢᠯᠭᠠᠨ ‍ᠤ ᠲᠣᠤᠷ ‍ᠤᠨ ᠥᠪᠥᠷ ᠮᠣᠩᠭᠣᠯ ‍ᠤᠨ ᠵᠡᠭᠦᠨ ᠬᠡᠰᠡᠭ ‍ᠦᠨ ᠴᠠᠬᠢᠯᠭᠠᠨ ᠬᠦᠴᠦᠨ ‍ᠦ ᠪᠦᠲᠦᠭᠡᠨ ᠪᠠᠶᠢᠭᠤᠯᠤᠯᠲᠠ ᠶ᠋ᠢᠨ ᠳᠡᠳ᠋ ᠶᠡᠷᠦᠩᠬᠡᠶ ᠳᠠᠭᠠᠭᠠᠮᠠᠯ ᠱᠢ ᠴᠢᠶᠠᠩ ᠄ ᠪᠠᠷᠢᠯᠭ᠎ᠠ ᠠᠰᠢᠭᠯᠠᠯᠲᠠ ᠳ᠋ᠤ ᠣᠷᠣᠭᠰᠠᠨ ‍ᠤ ᠳᠠᠷᠠᠭ᠎ᠠ ᠂ ᠲᠤᠬᠠᠶ ᠶ᠋ᠢᠨ ᠭᠠᠵᠠᠷ ‍ᠤᠨ ᠠᠵᠤ ᠠᠬᠤᠢ ᠶ᠋ᠢᠨ ᠬᠥᠭᠵᠢᠯᠲᠡ ᠳ᠋ᠦ ᠢᠳᠡᠪᠬᠢᠲᠡᠢ ᠴᠢᠬᠤᠯᠠ ᠠᠴᠢ ᠬᠣᠯᠪᠣᠭᠳᠠᠯ ᠲᠠᠶ ᠪᠠᠶᠢᠵᠣ ᠂ ᠨᠢᠭᠡᠳᠦᠭᠡᠷ ᠲᠦ ᠂ ᠨᠠᠢᠮᠠᠨ ᠤ ᠴᠢᠬᠤᠯᠠ ᠠᠵᠤ ᠠᠬᠣᠶᠢᠯᠠᠯ ‍ᠤᠨ ᠴᠠᠬᠢᠯᠭᠠᠨ ᠬᠡᠷᠡᠭᠯᠡᠬᠦ ᠪᠠᠴᠢᠮ ᠪᠠᠶᠢᠳᠠᠯ ‍ᠢ  ᠰᠢᠢᠳᠪᠣᠷᠢᠯᠡᠨ᠎ᠡ ᠃ ᠬᠣᠶᠠᠳᠤᠭᠠᠷ ᠲᠤ ᠂ ᠨᠠᠢᠮᠠᠨ ᠵᠢᠴᠢ ᠡᠷᠭᠢᠨ ᠲᠣᠭᠣᠷᠢᠨ ‍ᠤ ᠭᠠᠵᠠᠷ ᠣᠷᠣᠨ ‍ᠤ ᠴᠠᠬᠢᠯᠭᠠᠨ ᠬᠠᠩᠭᠠᠬᠤ ᠴᠢᠳᠠᠪᠤᠷᠢ ᠶ᠋ᠢ ᠶᠡᠬᠡᠪᠡᠷ ᠰᠠᠶᠢᠵᠢᠷᠠᠭᠤᠯᠤᠨ᠎ᠠ ᠃ ᠭᠤᠷᠪᠠᠳᠤᠭᠠᠷ ᠲᠤ ᠂ ᠥᠪᠥᠷ ᠮᠣᠩᠭᠣᠯ ‍ᠤᠨ ᠵᠡᠭᠦᠨ ᠬᠡᠰᠡᠭ ‍ᠦᠨ ᠭᠠᠵᠠᠷ ᠣᠷᠣᠨ ‍ᠤ 500 ᠺᠢᠯᠣᠸᠠᠲ ‍ᠤᠨ ᠭᠣᠤᠯ ᠲᠣᠤᠷ ‍ᠤᠨ ᠪᠦᠷᠢᠯᠳᠦᠴᠡ ᠶ᠋ᠢᠨ ᠬᠣᠯᠪᠣᠯᠳᠤᠨ ᠨᠡᠪᠲᠡᠷᠡᠯᠴᠡᠬᠦ ᠶ᠋ᠢ ᠪᠡᠶᠡᠯᠡᠭᠦᠯᠬᠦ ᠳ᠋ᠦ ᠰᠠᠭᠤᠷᠢ ᠲᠠᠯᠪᠢᠨ᠎ᠠ ᠃

     

     ᠵᠢᠨ ᠱᠠ 500 ᠺᠢᠯᠣᠸᠠᠲ ‍ᠤᠨ ᠬᠦᠴᠦᠳᠡᠯ ᠥᠭᠡᠷᠡᠴᠢᠯᠡᠬᠦ ᠥᠷᠲᠡᠭᠡ ᠪᠣᠯ ᠮᠠᠨ ‍ᠤ ᠬᠣᠰᠢᠭᠤᠨ ‍ᠤ ᠬᠢᠯᠢ ᠳᠣᠲᠣᠷᠠᠬᠢ ᠠᠩᠬᠠᠳᠠᠭᠴᠢ 500 ᠺᠢᠯᠣᠸᠠᠲ ‍ᠤᠨ ᠬᠦᠴᠦᠳᠡᠯ ᠥᠭᠡᠷᠡᠴᠢᠯᠡᠬᠦ ᠥᠷᠲᠡᠭᠡ ᠪᠠᠶᠢᠵᠣ ᠂ ᠶᠡᠷᠦᠩᠬᠡᠶ ᠪᠠᠯᠠ ᠣᠷᠣᠭᠤᠯᠤᠯᠲᠠ ᠨᠢ 8.4 ᠳ᠋ᠦᠩᠰᠢᠭᠤᠷ ᠲᠥᠭᠥᠷᠢᠭ ᠂ ᠶᠡᠷᠦᠩᠬᠡᠶ ᠲᠠᠯᠠᠪᠠᠢ ᠨᠢ 108.8 ᠮᠦ ᠪᠣᠯᠤᠨ᠎ᠠ ᠃ 2018 ᠣᠨ 10 ᠳ᠋ᠤᠭᠠᠷ ᠰᠠᠷ᠎ᠠ ᠶ᠋ᠢᠨ 13 ‍ᠦ ᠡᠳᠦᠷ ᠠᠵᠢᠯ ᠡᠬᠢᠯᠡᠭᠦᠯᠦᠨ ᠪᠦᠲᠦᠭᠡᠨ  ᠪᠠᠶᠢᠭᠣᠯᠵᠣ ᠂ ᠬᠣᠷᠴᠢᠨ ᠨᠠᠢᠮᠠᠨ ᠢᠨᠵᠸᠨ᠋ᠸᠷᠢᠭ ᠶ᠋ᠢᠨ ᠵᠠᠮ ‍ᠤᠨ ᠤᠷᠳᠤ ᠨᠢ 147.599 ᠺᠢᠯᠣᠮᠧᠲ᠋ᠷ ᠪᠠᠶᠢᠵᠤ ᠂ ᠲᠦᠩᠯᠢᠶᠣᠤ ᠬᠣᠲᠠ ᠶ᠋ᠢᠨ ᠬᠣᠷᠴᠢᠨ ᠲᠣᠭᠣᠷᠢᠭ ᠂ ᠺᠠᠶᠢᠯᠦ ᠰᠢᠶᠠᠨ ᠵᠢᠴᠢ  ᠨᠠᠢᠮᠠᠨ ᠬᠣᠰᠢᠭᠤ ᠪᠠᠷ ᠦᠩᠭᠡᠷᠡᠨ᠎ᠡ ᠃ ᠵᠠᠮ ᠱᠤᠭᠤᠮ ‍ᠤᠨ ᠢᠨᠵᠧᠨᠧᠷᠢᠩ 374 ᠰᠠᠭᠤᠷᠢ ᠲᠡᠮᠦᠷ ᠰᠤᠪᠤᠷᠭ᠎ᠠ ᠰᠢᠨ᠎ᠡ ᠪᠡᠷ ᠪᠠᠶᠢᠭᠤᠯᠵᠤ ᠂ 2 ᠰᠠᠭᠤᠷᠢ ᠲᠡᠮᠦᠷ ᠵᠠᠮ ‍ᠢ ᠳᠠᠪᠠᠵᠤ ᠂ 4 ᠰᠠᠭᠤᠷᠢ ᠤᠯᠤᠰ ᠡᠴᠠ ᠵᠠᠮ ‍ᠢ ᠳᠠᠪᠠᠪᠠ ᠃
    ᠤᠯᠤᠰ ᠤᠨ ᠴᠠᠬᠢᠯᠭᠠᠨ ‍ᠤ ᠲᠣᠤᠷ ‍ᠤᠨ ᠥᠪᠥᠷ ᠮᠣᠩᠭᠣᠯ ‍ᠤᠨ ᠵᠡᠭᠦᠨ ᠬᠡᠰᠡᠭ ‍ᠦᠨ ᠴᠠᠬᠢᠯᠭᠠᠨ ᠬᠦᠴᠦᠨ ‍ᠦ ᠪᠦᠲᠦᠭᠡᠨ ᠪᠠᠶᠢᠭᠤᠯᠤᠯᠲᠠ ᠶ᠋ᠢᠨ ᠳᠡᠳ᠋ ᠶᠡᠷᠦᠩᠬᠡᠶ ᠳᠠᠭᠠᠭᠠᠮᠠᠯ ᠱᠢ ᠴᠢᠶᠠᠩ ᠄ ᠣᠳᠣᠬᠠᠨ ᠳ᠋ᠤ ᠂ ᠪᠢᠳᠡ ᠨᠢᠭᠡᠨᠲᠡ ᠵᠢᠨ ᠱᠠ ᠥᠷᠲᠡᠭᠡ ᠶ᠋ᠢᠨ ᠬᠣᠶᠠᠳᠤᠭᠠᠷ ᠬᠤᠭᠤᠴᠠᠭᠠᠨ ‍ᠤ ᠥᠷᠭᠡᠳᠬᠡᠨ ᠪᠠᠶᠢᠭᠤᠯᠬᠤ ᠢᠨᠵᠧᠨᠧᠷᠢᠩ ‍ᠢ ᠡᠬᠢᠯᠡᠭᠦᠯᠵᠦ ᠂ ᠣᠳᠣ ᠶ᠋ᠢᠨ ᠰᠠᠭᠤᠷᠢᠨ ᠳᠡᠭᠡᠷ᠎ᠡ ᠪᠠᠰᠠ ᠬᠣᠶᠠᠷ ᠰᠠᠭᠤᠷᠢ ᠨᠡᠮᠡᠵᠦ ᠂ ᠡᠨᠡ ᠬᠦ ᠢᠨᠵᠧᠨᠧᠷᠢᠩ ‍ᠢ ᠠᠰᠢᠭᠯᠠᠯᠳᠠ ᠳ᠋ᠥ ᠣᠷᠣᠭᠣᠯᠣᠭᠰᠠᠨ ‍ᠦ ᠳᠠᠷᠠᠭ᠎ᠠ ᠂ ᠲᠤᠬᠠᠶ ᠶ᠋ᠢᠨ ᠭᠠᠵᠠᠷ ‍ᠤᠨ ᠴᠠᠬᠢᠯᠭᠠᠨ ᠬᠠᠩᠭᠠᠬᠤ ᠴᠢᠳᠠᠪᠤᠷᠢ ᠶ᠋ᠢ ᠤᠯᠠᠮ ᠳᠡᠭᠡᠭᠰᠢᠯᠡᠭᠦᠯᠵᠦ ᠂ ᠣᠷᠣᠨ ᠨᠤᠲᠤᠭ ‍ᠤᠨ ᠠᠵᠤ ᠠᠬᠤᠢ ᠶ᠋ᠢᠨ ᠬᠥᠭᠵᠢᠯᠲᠡ ᠳ᠋ᠦ ᠢᠳᠡᠪᠬᠢᠲᠡᠢ ᠬᠤᠪᠢ ᠨᠡᠮᠡᠷᠢ ᠦᠵᠡᠭᠦᠯᠦᠨ᠎ᠡ ᠃

    ᠣᠶᠢᠯᠠᠭᠠᠭᠰᠠᠨ ᠢᠶᠠᠷ ᠂ ᠵᠢᠨ ᠱᠠ 500 ᠺᠢᠯᠣᠸᠠᠲ ‍ᠤᠨ ᠴᠠᠬᠢᠯᠭᠠᠨ ᠬᠦᠴᠦᠳᠡᠯ ᠥᠭᠡᠷᠡᠴᠢᠯᠡᠬᠦ ᠥᠷᠲᠡᠭᠡ ᠲᠥᠪᠯᠡᠷᠡᠭᠦᠯᠦᠨ ᠡᠵᠡᠮᠳᠡᠬᠦ ᠥᠷᠲᠡᠭᠡ ᠪᠣᠯᠵᠤ ᠂ ᠨᠠᠢᠮᠠᠨ ᠂ ᠺᠠᠶᠢᠯᠦ ᠣᠷᠣᠨ ‍ᠤ 220 k v ᠬᠦᠴᠦᠳᠡᠯ ᠥᠭᠡᠷᠡᠴᠢᠯᠡᠬᠦ ᠥᠷᠲᠡᠭᠡ ᠶ᠋ᠢᠨ ᠬᠠᠮᠤᠷᠴᠤ ᠂ ᠨᠢᠭᠡᠳᠦᠯᠲᠡᠶ ᠲᠡᠭᠡᠭᠡᠪᠦᠷᠢᠯᠡᠨ ᠪᠠᠲᠤᠯᠠᠬᠤ ᠪᠣᠯᠤᠨ᠎ᠠ ᠃

    

ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ