ᠪᠠᠶᠢᠰᠢᠩᠳᠣ ᠪᠠᠯᠭᠠᠰᠤ ᠬᠠᠯᠠᠭᠣᠨ ᠨᠣᠭᠣᠭ᠎ᠠ ᠲᠠᠷᠢᠵᠣ ᠡᠯᠪᠡᠭ ᠬᠣᠷᠢᠶᠠᠯᠳᠠ ᠣᠯᠣᠭᠰᠠᠨ

ᠣᠩᠰᠢᠭᠰᠠᠨ ᠤᠳᠠᠭ᠎ᠠ ᠄ 685     ᠨᠡᠶᠢᠳᠡᠯᠡᠭᠰᠡᠨ ᠴᠠᠭ ᠄ 2019/11/1 10:03:35

 

    ᠠᠯᠲᠠᠨ ᠰᠢᠷᠭᠠᠯ ᠨᠠᠮᠤᠷ ᠂ ᠬᠠᠯᠠᠭᠣᠨ ᠨᠣᠭᠣᠭᠠᠨ ᠲᠠᠷᠢᠶᠠᠨ ᠳ᠋ᠥ ᠨᠢᠳᠦ ᠠᠯᠳᠠᠮ᠎ᠠ ᠬᠠᠯᠠᠭᠣᠨ ᠨᠣᠭᠣᠭ᠎ᠠ ᠪᠠ ᠲᠠᠷᠢᠶᠠᠴᠢᠨ ᠡᠷᠦᠬᠡ ᠶ᠋ᠢᠨ ᠶᠠᠭᠠᠷᠠᠯᠲᠠᠶ ᠪᠠᠷ᠎ᠠ ᠰᠡᠭᠦᠳᠡᠷ ᠬᠠᠷᠠᠭᠳᠠᠵᠣ ᠂ ᠭᠠᠵᠠᠷ ᠰᠠᠢ ᠦᠭᠡᠢ ᠡᠯᠪᠡᠭ ᠬᠤᠷᠢᠶᠠᠯᠲᠠ ᠶ᠋ᠢᠨ ᠦᠵᠡᠭᠳᠡᠯ ᠲᠣᠳᠣᠷᠠᠨ᠎ᠠ ᠃

     ᠡᠨᠡ ᠵᠢᠯ ᠪᠠᠶᠢᠰᠢᠩᠳᠣ ᠪᠠᠯᠭᠠᠰᠤ ᠶ᠋ᠢᠨ ᠫᠢᠩ ᠠᠨ ᠳ᠋ᠢ ᠲᠣᠰᠬᠣᠨ ‍ᠦ ᠵᠢᠶᠠᠩ ᠰᠢᠶᠠᠩ ᠬᠤᠸᠠ ᠤᠤᠯ ‍ᠤᠨ ᠲᠠᠷᠢᠮᠠᠯ ‍ᠤᠨ ᠪᠦᠲᠦᠴᠡ ᠪᠡᠨ ᠥᠭᠡᠷᠡᠴᠢᠯᠡᠵᠦ ᠂ ᠲᠠᠷᠢᠶᠠᠨ ᠭᠠᠵᠠᠷ ᠢᠶᠡᠨ ᠲᠤᠬᠠᠶ ᠶ᠋ᠢᠨ ᠭᠠᠵᠠᠷ ‍ᠤᠨ ᠠᠵᠤ ᠠᠬᠣᠶᠢᠯᠠᠯ ᠳ᠋ᠤ ᠰᠢᠯᠵᠢᠭᠦᠯᠦᠨ ᠥᠭᠴᠡᠶ ᠃
      ᠫᠢᠩ ᠠᠨ ᠳ᠋ᠢ ᠲᠣᠰᠬᠣᠨ ᠤ ᠠᠷᠠᠳ ᠵᠢᠶᠠᠩ ᠰᠢᠶᠠᠩ ᠬᠤᠸᠠ ᠄ ᠮᠠᠨ ‍ᠤ ᠭᠡᠷ ᠲᠦ  ᠨᠡᠶᠢᠲᠡ  50 ᠭᠠᠷᠤᠶ ᠮᠦ  ᠲᠠᠷᠢᠶ᠎ᠠ ᠪᠠᠶᠢᠨ᠎ᠠ ᠂ ᠡᠨᠡ ᠵᠢᠯ ᠠᠩᠬ᠎ᠠ ᠣᠳᠠᠭ᠎ᠠ ᠬᠣᠷᠰᠢᠶᠠᠵᠢᠯ ᠳ᠋ᠤ ᠣᠷᠣᠵᠤ ᠂ 40 ᠭᠠᠷᠤᠶ ᠮᠦ ᠲᠠᠷᠢᠶ᠎ᠠ ᠪᠠᠨ ᠡᠷᠴᠢᠮᠵᠢᠭᠦᠯᠦᠨ ᠰᠢᠯᠵᠢᠭᠦᠯᠵᠣ ᠂  ᠦᠪᠡᠷᠰᠦᠪᠠᠨ ᠲᠠᠷᠢᠭᠰᠠᠨ ᠡᠴᠡ ᠣᠷᠣᠯᠭ᠎ᠠ ᠶᠡᠭᠡ ᠪᠠᠶᠢᠨ᠎ᠠ ᠃ ᠣᠣᠯ ᠨᠢ 50 ᠮᠦ ᠡᠴᠡ ᠵᠢᠯ  ᠲᠦ 4 ᠲᠦᠮᠡᠨ ᠲᠦᠭᠦᠷᠢᠭ ᠣᠯᠵᠣ ᠂ ᠣᠳᠣ ᠵᠦᠪᠬᠡᠨ ᠡᠷᠴᠢᠮᠵᠢᠭᠦᠯᠦᠨ ᠰᠢᠯᠵᠢᠭᠦᠯᠦᠭᠰᠡᠨ ᠵᠣᠭᠣᠰ 3 ᠲᠦᠮᠡ ᠰᠢᠬᠠᠮ ᠲᠥᠭᠥᠷᠢᠭ  ᠬᠦᠷᠦᠭᠰᠡᠨ ᠪᠠᠶᠢᠨ᠎ᠠ ᠃
      ᠬᠤᠷᠢᠶᠠᠯᠲᠠ ᠶ᠋ᠢᠨ ᠤᠯᠠᠷᠢᠯ ᠳ᠋ᠤ ᠂ ᠵᠢᠶᠠᠩ ᠰᠢᠶᠠᠩ ᠬᠤᠸᠠ ᠡᠳᠦᠷ ᠪᠦᠷᠢ ᠠᠵᠤ ᠠᠬᠣᠶᠢᠯᠠᠯ ᠳ᠋ᠤ ᠢᠷᠡᠵᠦ ᠬᠦᠯᠦᠰᠦᠨᠠᠵᠢᠯ ᠬᠢᠵᠦ ᠂ ᠣᠷᠣᠯᠭ᠎ᠠ ᠨᠢ ᠬᠡᠳᠦᠨ ᠲᠦᠮᠡᠨ ᠲᠥᠭᠥᠷᠢᠭ ᠨᠡᠮᠡᠭᠳᠡᠵᠡᠶ ᠃

     ᠫᠢᠩ ᠠᠨ ᠳ᠋ᠢ ᠲᠣᠰᠬᠣᠨ ᠤ ᠠᠷᠠᠳ ᠵᠢᠶᠠᠩ ᠰᠢᠶᠠᠩ ᠬᠤᠸᠠ ᠄ ᠡᠨᠡ ᠬᠥᠯᠥᠰᠥᠨ ᠠᠵᠢᠯ  ᠵᠢᠯ ᠳ᠋ᠦ 1 ᠲᠦᠮᠡ 7 ᠮᠢᠩᠭ᠎ᠠ ᠡᠴᠡ 2 ᠲᠦᠮᠡ ᠣᠯᠣᠨ᠎ᠠ ᠃ ᠡᠨᠡ ᠶᠠᠩᠵᠣ ᠪᠡᠷ ᠮᠠᠨ ‍ᠤ ᠭᠡᠷ ‍ᠦᠨ ᠣᠷᠣᠯᠭ᠎ᠠ ᠵᠢᠯ ᠪᠦᠷᠢ ᠣᠣᠯ ᠡᠴᠠ ᠪᠠᠨ ᠨᠢᠭᠡ ᠬᠥᠮᠦᠨ 2 ᠲᠦᠮᠡᠨ ᠲᠥᠭᠥᠷᠢᠭ ᠢᠯᠡᠭᠦᠦ  ᠣᠷᠣᠯᠭ᠎ᠠ ᠣᠯᠣᠨ᠎ᠠ ᠃

  

      ᠵᠢᠶᠠᠩ ᠰᠢᠶᠠᠩ ᠬᠤᠸᠠ ᠶ᠋ᠢᠨ ᠬᠡᠯᠡᠵᠦ ᠪᠠᠶᠢᠭ᠎ᠠ ᠠᠵᠤ ᠠᠬᠣᠶᠢᠯᠠᠯ ᠪᠣᠯ ᠾᠧᠪᠧᠶ ᠶ᠋ᠢᠨ ᠰᠢᠶᠣᠤ ᠨᠦᠩ ᠬᠠᠯᠠᠭᠣᠨ ᠨᠣᠭᠣᠭᠠᠨ ᠤ ᠪᠦᠲᠦᠭᠡᠭᠳᠡᠬᠦᠨ ‍ᠦ ᠬᠢᠵᠠᠭᠠᠷᠲᠤ ᠺᠣᠮᠫᠠᠨᠢ ᠪᠠᠶᠢᠵᠣ ᠂ ᠺᠣᠮᠫᠠᠨᠢ ᠪᠠᠶᠢᠭᠤᠯᠤᠭᠳᠠᠭᠰᠠᠨ ᠡᠴᠠ ᠨᠠᠭᠠᠰᠢ ᠂ ᠪᠡᠭᠡᠵᠢᠩ ᠫᠦᠰᠡ ᠂ ᠫᠢᠩ ᠠᠨ ᠳ᠋ᠢ ᠵᠡᠷᠭᠡ 6 ᠲᠣᠰᠬᠣᠨ ‍ᠤ ᠠᠵᠤ ᠠᠬᠤᠢ ᠶ᠋ᠢᠨ ᠬᠥᠭᠵᠢᠯᠲᠡ ᠶ᠋ᠢ ᠲᠠᠶᠢᠴᠢᠯᠠᠭᠰᠠᠨ ᠪᠠᠶᠢᠨ᠎ᠠ ᠃ ᠡᠨᠡ ᠵᠢᠯ ᠺᠣᠮᠫᠠᠨᠢ ᠡᠴᠡ 2000 ᠭᠠᠷᠤᠶ ᠮᠦ ᠭᠠᠵᠠᠷ ᠰᠢᠷᠣᠶ ᠡᠷᠴᠢᠮᠵᠢᠭᠦᠯᠦᠨ ᠰᠢᠯᠵᠢᠭᠦᠯᠵᠣ ᠂ ᠵᠥᠪᠬᠡᠨ ᠬᠥᠯᠥᠰᠥᠨ ᠠᠵᠢᠯ ᠨᠢ ᠠᠷᠠᠳ ᠣᠯᠠᠨ ᠳ᠋ᠤ ᠪᠠᠭ᠎ᠠ ᠪᠤᠰᠤ ᠣᠷᠣᠯᠭ᠎ᠠ ᠣᠯᠭᠣᠭᠰᠠᠨ ᠪᠠᠶᠢᠨ᠎ᠠ ᠃

      ᠾᠧᠪᠧᠢ ᠶ᠋ᠢᠨ ᠰᠢᠶᠣᠤ ᠨᠦᠩ ᠬᠠᠯᠠᠭᠣᠨ ᠨᠣᠭᠣᠭᠠᠨ ᠤ ᠪᠦᠲᠦᠭᠡᠭᠳᠡᠬᠦᠨ ‍ᠦ ᠬᠢᠵᠠᠭᠠᠷᠲᠤ ᠺᠣᠮᠫᠠᠨᠢ ᠾᠧ ᠶᠢᠩ ᠄ ᠣᠳᠣ ᠪᠠᠷᠤᠭ 100 ᠡᠴᠡ 200 ᠬᠥᠮᠦᠨ ᠪᠠᠶᠢᠵᠣ ᠂ 20 ᠭᠠᠷᠤᠢ ᠡᠳᠦᠷ ᠬᠣᠷᠢᠶᠠᠵᠣ  ᠪᠠᠶᠢᠨ᠎ᠠ ᠂ ᠪᠠᠰᠠ ᠨᠢᠭᠡ ᠰᠠᠷ᠎ᠠ ᠢᠯᠡᠭᠦᠦ ᠬᠣᠷᠢᠶᠠᠪᠠᠯ ᠲᠠᠭᠣᠰᠴᠢᠬᠠᠨ᠎ᠠ ᠃ ᠬᠤᠷᠳᠤᠨ ᠨᠢ ᠡᠳᠦᠷ  ᠲᠦ 300 ᠣᠯᠵᠣ ᠂ ᠡᠩ ‍ᠦᠨ ᠪᠠᠶᠢᠳᠠᠯ ᠳ᠋ᠤ ᠪᠦᠷ 200 ᠭᠠᠷᠤᠢ ᠲᠥᠭᠥᠷᠢᠭ ᠣᠯᠣᠨ᠎ᠠ ᠂ ᠥᠴᠥᠭᠡᠳᠦᠷ ᠵᠠᠷᠤᠯᠭ᠎ᠠ ᠪᠦᠷ 5 ᠲᠦᠮᠡ ᠢᠯᠡᠭᠦᠦ ᠬᠦᠷᠴᠣ ᠂ ᠥᠨᠥᠳᠥᠷ ᠪᠠᠰᠠ 5 ᠲᠦᠮᠡ ᠢᠯᠡᠭᠦᠦ ᠲᠥᠭᠥᠷᠢᠭ ᠬᠦᠷᠦᠨ᠎ᠡ ᠃

    

       ᠡᠨᠡ ᠵᠢᠯ ᠾᠧᠪᠧᠶ ᠶ᠋ᠢᠨ ᠰᠢᠶᠣᠤ ᠨᠦᠩ ᠬᠠᠯᠠᠭᠣᠨ ᠨᠣᠭᠣᠭᠠᠨ ᠤ ᠪᠦᠲᠦᠭᠡᠭᠳᠡᠬᠦᠨ ‍ᠦ ᠬᠢᠵᠠᠭᠠᠷᠲᠤ ᠺᠣᠮᠫᠠᠨᠢ  ᠨᠡᠶᠢᠲᠡ 10 ᠭᠠᠷᠤᠶ ᠬᠠᠯᠠᠭᠣᠨ ᠨᠣᠭᠣᠭᠠᠨ ᠤ ᠲᠥᠷᠥᠯ  ᠵᠦᠢᠯ  ‍ᠢ ᠲᠠᠷᠢᠵᠤ ᠂ ᠬᠠᠮᠤᠭ ‍ᠤᠨ ᠰᠠᠶᠢᠨ ᠬᠣᠶᠠᠷ ᠲᠥᠷᠥᠯ  ᠵᠦᠢᠯ  ᠨᠢ  ᠮᠦ ᠪᠦᠷᠢ ᠲᠣᠮᠳᠠᠴᠢ ᠪᠠᠷ 800 ᠵᠢᠩ ᠬᠣᠷᠢᠶᠠᠵᠣ ᠂ ᠨᠢᠭᠡ   ᠺᠢᠯᠣᠭ᠍ᠷᠠᠮ  ᠳ᠋ᠤ 20 ᠲᠥᠭᠥᠷᠢᠭ ᠬᠦᠷᠦᠨ᠎ᠡ ᠃ ᠡᠨᠡ ᠨᠢ ᠣᠯᠠᠨ ᠵᠢᠯ ‍ᠦᠨ ᠲᠤᠷᠰᠢ ᠤᠨᠴᠠᠯᠢᠬᠳᠤ ᠲᠠᠷᠢᠮᠠᠯ ‍ᠢ ᠬᠥᠭᠵᠢᠭᠦᠯᠦᠭᠰᠡᠭᠡᠷ ᠢᠷᠡᠭᠰᠡᠨ ᠪᠡᠭᠡᠵᠢᠩ ᠫᠦᠰᠡ ᠲᠣᠰᠬᠣᠨ ᠳ᠋ᠤ ᠪᠠᠶᠠᠵᠢᠯ ‍ᠤᠨ ᠵᠠᠮ ‍ᠢ ᠨᠡᠭᠡᠭᠡᠭᠰᠡᠨ ᠪᠠᠶᠢᠨ᠎ᠠ ᠃

    

       ᠪᠡᠭᠡᠵᠢᠩ ᠫᠦᠰᠡ ᠲᠣᠰᠬᠣᠨ ‍ᠤ ᠱᠦᠵᠢ ᠸᠠᠩ ᠢᠦᠢ ᠬᠣᠩ ᠄ ᠬᠠᠯᠠᠭᠣᠨ ᠨᠣᠭᠣᠭ᠎ᠠ ᠤ ᠪᠦᠬᠦ ᠤᠯᠤᠰ ᠤᠨ ᠬᠡᠷᠡᠭᠴᠡᠭᠡ ᠮᠠᠰᠢ ᠶᠡᠬᠡ ᠂ ᠭᠠᠳᠠᠭᠠᠳᠤ ᠳ᠋ᠤ ᠭᠠᠷᠭᠠᠬᠤ ᠬᠡᠮᠵᠢᠶ᠎ᠡ ᠴᠦ ᠮᠠᠰᠢ ᠶᠡᠬᠡ ᠂ ᠣᠳᠣ ᠬᠠᠩᠭᠠᠯᠭ᠎ᠠ ᠨᠢ ᠬᠡᠷᠡᠭᠴᠡᠭᠡ ᠳ᠋ᠡᠭᠡᠨ ᠬᠦᠷᠬᠦ ᠦᠭᠡᠢ ᠪᠣᠯᠵᠣ ᠂ ᠮᠢᠨᠦ ᠦᠵᠡᠬᠦ ᠪᠠᠷ ᠪᠤᠰᠤᠳ ᠲᠠᠷᠢᠮᠠᠯ ᠲᠠᠷᠢᠬᠤ ᠡᠴᠠ ᠬᠣᠯᠠ ᠠᠰᠢᠭᠲᠠᠢ ᠂ ᠨᠢᠭᠡ ᠮᠦ ᠬᠠᠯᠠᠭᠣᠨ ᠨᠣᠭᠣᠭ᠎ᠠ ᠨᠢ ᠭᠣᠷᠪᠠᠨ  ᠮᠦ ᠡᠷᠳᠡᠨᠢ ᠰᠢᠰᠢ ᠲᠠᠢ ᠲᠡᠩᠴᠡᠵᠣ ᠂ ᠠᠷᠠᠳ ᠣᠯᠠᠨ ᠤ ᠢᠳᠡᠪᠬᠢᠵᠢᠯ ᠴᠦ ᠶᠡᠭᠡ ᠰᠠᠶᠢᠨ ᠪᠠᠶᠢᠨ᠎ᠠ ᠂ ᠢᠷᠡᠬᠦ ᠵᠢᠯ  ᠬᠡᠪᠴᠢᠶ᠎ᠡ ᠪᠠᠨ ᠦᠷᠭᠡᠳᠭᠡᠬᠦ ᠰᠠᠨᠠᠭ᠎ᠠ ᠲᠠᠶ ᠪᠠᠶᠢᠨ᠎ᠠ ᠃
ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ