ᠥᠪᠡᠷᠲᠡᠭᠡᠨ ᠵᠠᠰᠠᠬᠤ ᠣᠷᠣᠨ ‍ᠤ ᠠᠷᠠᠳ ‍ᠤᠨ ᠶᠠᠪᠤᠳᠠᠯ ‍ᠤᠨ ᠲᠢᠩᠬᠢᠮ ‍ᠤᠨ ᠳᠡᠳ᠋ ᠳᠠᠷᠤᠭ᠎ᠠ ᠹᠧᠩ ᠬᠦ᠋ᠬᠡ ᠨᠠᠢᠮᠠᠨ ᠬᠣᠰᠢᠭᠤᠨ ᠳ᠋ᠤ ᠢᠷᠡᠵᠦ ᠠᠷᠠᠳ ‍ᠤᠨ ᠶᠠᠪᠤᠳᠠᠯ ‍ᠤᠨ ᠠᠵᠢᠯ  ᠳᠤ ᠪᠠᠶᠢᠴᠠᠭᠠᠨ ᠰᠣᠳᠣᠯᠣᠯᠳᠠ ᠬᠢᠭᠰᠡᠨ

ᠣᠩᠰᠢᠭᠰᠠᠨ ᠤᠳᠠᠭ᠎ᠠ ᠄ 1171     ᠨᠡᠶᠢᠳᠡᠯᠡᠭᠰᠡᠨ ᠴᠠᠭ ᠄ 2019/10/31 14:50:18

     10 ᠳ᠋ᠣᠭᠠᠷ ᠰᠠᠷ᠎ᠠ ᠶ᠋ᠢᠨ 25 ‍ᠦ ᠡᠳᠦᠷ ᠂ ᠥᠪᠡᠷᠲᠡᠭᠡᠨ ᠵᠠᠰᠠᠬᠤ ᠣᠷᠣᠨ ‍ᠤ ᠠᠷᠠᠳ ‍ᠤᠨ ᠶᠠᠪᠤᠳᠠᠯ ‍ᠤᠨ ᠲᠢᠩᠬᠢᠮ ‍ᠤᠨ ᠳᠡᠳ᠋ ᠲᠠᠷᠣᠭ᠎ᠠ ᠹᠧᠩ ᠬᠦ᠋ᠬᠡ ᠂ ᠲᠦᠩᠯᠢᠶᠣᠤ ᠬᠣᠲᠠ ᠶ᠋ᠢᠨ ᠠᠷᠠᠳ ‍ᠤᠨ ᠶᠠᠪᠤᠳᠠᠯ ‍ᠤᠨ ᠲᠣᠪᠴᠢᠶᠠᠨ ‍ᠤ ᠲᠠᠷᠣᠭ᠎ᠠ ᠹᠧᠩ ᠬᠣᠩ ᠴᠢᠩ ᠨᠡᠷ ‍ᠦᠨ ᠪᠠᠷ᠎ᠠ ᠪᠣᠯᠣᠯᠭ᠎ᠠ ᠪᠠᠷ  ᠨᠠᠢᠮᠠᠨ ᠬᠣᠰᠢᠭᠤᠨ ᠳ᠋ᠤ ᠢᠷᠡᠵᠦ ᠠᠷᠠᠳ ‍ᠤᠨ ᠶᠠᠪᠤᠳᠠᠯ ‍ᠤᠨ ᠠᠵᠢᠯ ᠳ᠋ᠥ ᠪᠠᠶᠢᠴᠠᠭᠠᠨ  ᠰᠣᠳᠣᠯᠣᠯᠳᠠ ᠬᠢᠭᠰᠡᠨ ᠪᠠᠶᠢᠨ᠎ᠠ ᠃

    

     ᠰᠠᠭᠣᠳᠠᠯ ‍ᠤᠨ ᠬᠤᠷᠠᠯ ᠳᠡᠭᠡᠷ᠎ᠡ ᠂ ᠨᠠᠢᠮᠠᠨ ᠬᠣᠰᠢᠭᠤᠨ ‍ᠤ ᠠᠷᠠᠣᠨ ‍ᠤᠨ ᠵᠠᠰᠠᠭ  ‍ᠤᠨ ᠣᠷᠳᠣᠨ ‍ᠤ ᠳᠡᠳ᠋ ᠳᠠᠷᠤᠭ᠎ᠠ ᠡᠦ ᠵᠢᠶᠦ᠋ᠨ ᠮᠢᠩ ᠠᠷᠠᠳ ‍ᠤᠨ ᠶᠠᠪᠤᠳᠠᠯ ‍ᠤᠨ ᠠᠵᠢᠯ ‍ᠤᠨ ᠬᠠᠷᠢᠭᠣ ᠮᠡᠳᠡᠭᠦᠯᠣᠯᠳᠠ ᠬᠢᠵᠦ ᠂ ᠬᠣᠰᠢᠭᠤᠨ ‍ᠤ ᠠᠷᠠᠳ ‍ᠤᠨ ᠶᠠᠪᠤᠳᠠᠯ ‍ᠤᠨ ᠲᠣᠪᠴᠢᠶ᠎ᠠ ᠶ᠋ᠢᠨ ᠤᠳᠤᠷᠢᠳᠬᠤ ᠪᠠᠭ ‍ᠤᠨ ᠪᠦᠷᠢᠯᠳᠦᠬᠦᠨ ᠬᠡᠰᠢᠬᠦᠨ ᠂ ᠰᠢᠶᠠᠩ ᠪᠠᠯᠭᠠᠰᠤᠨ ‍ᠤ ᠠᠷᠠᠳ ‍ᠤᠨ ᠶᠠᠪᠤᠳᠠᠯ ‍ᠤᠨ ᠲᠤᠰᠠᠯᠠᠭᠴᠢ ᠂ ᠨᠠᠰᠤᠲᠠᠨ ‍ᠢ ᠠᠰᠠᠷᠠᠬᠤ ᠬᠦᠷᠢᠶᠡᠯᠡᠩ ‍ᠦᠨ ᠳᠠᠷᠤᠭ᠎ᠠ ᠵᠡᠷᠭᠡ 20 ᠭᠠᠷᠤᠶ ᠬᠥᠮᠦᠨ ᠰᠠᠭᠣᠳᠠᠯ ‍ᠤᠨ ᠬᠤᠷᠠᠯ ᠳ᠋ᠤ ᠣᠷᠣᠯᠴᠠᠵᠦ ᠂ ᠬᠤᠷᠠᠯ ᠳᠡᠭᠡᠷ᠎ᠡ ᠂ ᠹᠸᠩ ᠬᠦᠬᠡ ᠣᠳᠣᠬᠠᠨ ‍ᠤ  ᠨᠠᠢᠮᠠᠨ ᠬᠣᠰᠢᠭᠤᠨ ‍ᠤ ᠠᠷᠠᠳ ‍ᠤᠨ ᠶᠠᠪᠤᠳᠠᠯ ‍ᠤᠨ ᠠᠵᠢᠯ ᠳ᠋ᠥ  ᠭᠦᠢᠴᠡᠳ ᠦᠨᠡᠯᠡᠯᠳᠡ ᠦᠭᠴᠦ ᠂ ᠬᠣᠶᠢᠰᠢᠳᠠ ᠶ᠋ᠢᠨ ᠠᠵᠢᠯ ‍ᠢ ᠥᠷᠨᠢᠭᠦᠯᠬᠦ ᠳ᠋ᠦ ᠪᠣᠳᠠᠲᠠᠶ ᠱᠠᠭᠠᠷᠳᠠᠯᠭ᠎ᠠ ᠳᠤᠷᠠᠳᠴᠠᠶ ᠃ ᠨᠢᠭᠡ ᠳ᠋ᠦ ᠂ ᠠᠷᠠᠳ ‍ᠤᠨ ᠶᠠᠪᠤᠳᠠᠯ ‍ᠤᠨ ᠰᠢᠰᠲ᠋ᠧᠮ ‍ᠦᠨ ᠺᠠᠳ᠋ᠷ ᠠᠵᠢᠯᠲᠠᠨ ᠰᠢ ᠶ᠋ᠢᠨ ᠫᠢᠩ ᠶᠡᠷᠦᠩᠬᠡᠶ ᠱᠦᠵᠢ ᠶ᠋ᠢᠨ ᠴᠢᠬᠤᠯᠠ ᠶᠠᠷᠢᠶ᠎ᠠ ᠶ᠋ᠢ ᠨᠠᠷᠢᠨ ᠬᠢᠨᠠᠮᠠᠭᠠᠶ ᠰᠤᠷᠤᠯᠴᠠᠵᠤ ᠂ 《 ᠪᠦᠬᠦ ᠤᠯᠤᠰ  ‍ᠤᠨ ᠠᠷᠠᠳ ‍ᠤᠨ ᠶᠠᠪᠤᠳᠠᠯ ‍ᠤᠨ ᠠᠵᠢᠯ ‍ᠤᠨ ᠬᠤᠷᠠᠯ ‍ᠤᠨ ᠵᠣᠷᠢᠭ ᠰᠠᠨᠠᠭ᠎ᠠ 》 ᠪᠣᠯᠤᠨ 《 ᠬᠣᠷᠢᠨ ᠨᠢᠭᠡᠳᠦᠭᠡᠷ ᠤᠳᠠᠭ᠎ᠠ ᠶ᠋ᠢᠨ ᠥᠪᠡᠷᠲᠡᠭᠡᠨ ᠵᠠᠰᠠᠬᠤ ᠣᠷᠣᠨ ‍ᠤ ᠠᠷᠠᠳ ‍ᠤᠨ ᠶᠠᠪᠤᠳᠠᠯ ‍ᠤᠨ ᠠᠵᠢᠯ ‍ᠤᠨ ᠬᠤᠷᠠᠯ ‍ᠤᠨ ᠵᠣᠷᠢᠭ ᠰᠠᠨᠠᠭ᠎ᠠ 》 ᠵᠢ ᠨᠠᠷᠢᠨ ᠬᠢᠨᠠᠮᠠᠭᠠᠶ ᠰᠤᠷᠤᠯᠴᠠᠵᠤ ᠂ ᠠᠷᠠᠳ ‍ᠤᠨ ᠶᠠᠪᠤᠳᠠᠯ ‍ᠤᠨ ᠠᠵᠢᠯ ᠳ᠋ᠤ ᠢᠮᠠᠭᠲᠠ 《 ᠭᠤᠷᠪᠠ ᠶ᠋ᠢ ᠲᠥᠪᠯᠡᠷᠡᠭᠦᠯᠬᠦ 》 ᠂ 《 ᠭᠤᠷᠪᠠᠨ ᠦᠨᠳᠦᠰᠦᠨ 》 ‍ᠢ ᠪᠡᠶᠡᠯᠡᠭᠦᠯᠵᠦ ᠂ ᠠᠷᠠᠳ ‍ᠤᠨ ᠠᠮᠢᠳᠤᠷᠠᠯ ‍ᠤᠨ ᠬᠣᠷᠢᠭ᠎ᠠ ᠱᠤᠭᠤᠮ ‍ᠢ ᠰᠠᠬᠢᠬᠤ ᠶ᠋ᠢ ᠪᠠᠷᠢᠮᠲᠠᠯᠠᠬᠤ ᠬᠡᠷᠡᠭᠲᠡᠶ ᠃ ᠬᠣᠶᠠᠷ ᠲᠤ ᠂ ᠨᠡᠶᠢᠭᠡᠮ ‍ᠦᠨ ᠠᠪᠤᠷᠠᠨ ᠲᠤᠰᠠᠯᠠᠬᠤ ᠪᠠᠷᠢᠮᠵᠢᠶ᠎ᠠ ᠶ᠋ᠢ ᠳᠡᠭᠡᠭᠰᠢᠯᠡᠭᠦᠯᠵᠦ ᠂ ᠶᠠᠳᠠᠭᠤ ᠶ᠋ᠢ ᠲᠡᠳᠬᠦᠵᠦ ᠨᠡᠭᠡᠭᠡᠨ ᠬᠥᠭᠵᠢᠭᠦᠯᠬᠦ ᠪᠠ ᠨᠡᠶᠢᠭᠡᠮ ‍ᠦᠨ ᠪᠠᠲᠤᠯᠠᠭ᠎ᠠ ᠶ᠋ᠢᠨ ᠬᠣᠶᠠᠷ  ᠵᠦᠢᠯ ‍ᠦᠨ ᠳᠦᠷᠢᠮ ‍ᠢ ᠵᠣᠯᠭᠠᠭᠤᠯᠬᠤ ᠶ᠋ᠢ ᠲᠦᠯᠬᠢᠨ ᠠᠬᠢᠭᠤᠯᠵᠤ ᠂ ᠨᠠᠭᠠᠳᠤ ᠵᠠᠬ᠎ᠠ ᠶ᠋ᠢᠨ ᠪᠠᠲᠤᠯᠠᠭ᠎ᠠ ᠶ᠋ᠢᠨ ᠵᠢᠷᠤᠮᠵᠢᠭᠰᠠᠨ ᠬᠠᠮᠢᠶᠠᠷᠤᠯᠲᠠ ᠶ᠋ᠢ ᠯᠠᠪᠳᠠᠭᠤᠨ ᠪᠠᠲᠤᠲᠠᠶ ᠲᠦᠯᠬᠢᠨ ᠠᠬᠢᠭᠤᠯᠵᠤ ᠂ ᠵᠡᠮᠳᠡᠭᠴᠦᠳ ‍ᠤᠨ ᠬᠣᠶᠠᠷ  ᠵᠦᠢᠯ  ᠦᠨ ᠨᠥᠬᠥᠪᠥᠷᠢ ᠪᠠ ᠲᠦᠷ ᠴᠠᠭ ‍ᠤᠨ ᠠᠪᠤᠷᠠᠨ ᠲᠤᠰᠠᠯᠠᠬᠤ ᠠᠵᠢᠯ ‍ᠢ ᠰᠠᠶᠢᠲᠤᠷ ᠨᠠᠶᠢᠳᠠᠪᠤᠷᠢᠵᠢᠭᠤᠯᠬᠤ ᠬᠡᠷᠡᠭᠲᠡᠶ ᠃ ᠭᠤᠷᠪᠠ ᠳ᠋ᠤ ᠂ ᠠᠷᠠᠳ ‍ᠤᠨ ᠶᠠᠪᠤᠳᠠᠯ ‍ᠤᠨ ᠰᠢᠰᠲ᠋ᠧᠮ ᠬᠠᠷ᠎ᠠ ᠪᠦᠯᠦᠭᠲᠡᠨ ᠬᠠᠷᠭᠢᠰ ᠬᠦᠴᠦᠨ ‍ᠢ ᠠᠷᠢᠯᠭᠠᠬᠤ ᠲᠤᠰᠬᠠᠶ ᠲᠡᠮᠡᠴᠡᠯ ‍ᠤᠨ ᠠᠵᠢᠯ ‍ᠢ ᠰᠠᠶᠢᠲᠤᠷ ᠥᠷᠨᠢᠭᠦᠯᠵᠦ ᠂ ᠭᠠᠴᠠᠭ᠎ᠠ ᠲᠣᠰᠬᠣᠨ ‍ᠤ 《 ᠬᠣᠶᠠᠷ ᠵᠥᠪᠯᠡᠯ 》 ‍ᠤᠨ ᠬᠤᠭᠤᠴᠠᠭ᠎ᠠ ᠰᠣᠯᠢᠵᠤ 《 ᠡᠷᠭᠢᠨ ᠬᠠᠷᠠᠬᠤ 》 ᠠᠵᠢᠯ ‍ᠢ ᠰᠠᠶᠢᠲᠤᠷ ᠬᠢᠵᠦ ᠂ ᠭᠠᠴᠠᠭ᠎ᠠ ᠲᠣᠰᠬᠣᠨ ‍ᠤ ᠵᠥᠪᠯᠡᠯ ‍ᠦᠨ ᠭᠡᠰᠢᠭᠦᠨ ‍ᠦ ᠲᠤᠰᠢᠶᠠᠯ ᠡᠭᠦᠷᠭᠡᠯᠡᠬᠦ ᠳ᠋ᠦ ᠲᠣᠬᠢᠷᠠᠬᠤ ᠥᠬᠡᠶ ᠵᠢ ᠬᠠᠤᠯᠢ ᠶᠣᠰᠣᠭᠠᠷ ᠰᠡᠢᠳᠪᠣᠷᠢᠯᠡᠬᠦ ᠬᠡᠷᠡᠭᠳᠡᠢ ᠃ ᠳᠥᠷᠪᠡ ᠳ᠋ᠦ ᠂ ᠣᠷᠣᠰᠢᠭᠤᠯᠭ᠎ᠠ ᠶ᠋ᠢᠨ ᠥᠭᠡᠷᠡᠴᠢᠯᠡᠯᠲᠡ ᠶ᠋ᠢᠨ ᠠᠵᠢᠯ ‍ᠢ ᠦᠷᠭᠦᠯᠵᠢᠯᠡᠨ ᠲᠦᠯᠬᠢᠨ ᠠᠬᠢᠭᠤᠯᠵᠤ ᠂ ᠣᠷᠣᠰᠢᠭᠤᠯᠭ᠎ᠠ ᠶ᠋ᠢᠨ  ᠰᠦᠢᠳᠭᠡᠯ ᠬᠤᠷᠢᠶᠠᠬᠤ ᠬᠠᠮᠢᠶᠠᠷᠤᠯᠲᠠ ᠶ᠋ᠢ ᠵᠢᠷᠤᠮᠵᠢᠭᠤᠯᠬᠤ ᠬᠡᠷᠡᠭᠲᠡᠶ ᠭᠡᠰᠡᠨ ᠪᠠᠶᠢᠨ᠎ᠠ ᠃

       

ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ