《 ᠯᠣᠣᠬ᠎ᠠ ᠶ᠋ᠢᠨ ᠭᠣᠣᠯ 》 ᠬᠣᠨᠳᠠᠭᠠᠳᠣ ᠨᠠᠢᠮᠠᠨ ᠬᠣᠰᠢᠭᠣᠨ ᠤ ᠮᠣᠩᠭᠣᠯ ᠦᠨᠳᠦᠰᠦᠳᠡᠨ ᠤ ᠵᠠᠩ ᠦᠢᠯᠡ ᠶ᠋ᠢᠨ ᠮᠡᠳᠡᠯᠭᠡ ᠶ᠋ᠢᠨ ᠣᠷᠣᠯᠳᠣᠭᠠᠨ

ᠣᠩᠰᠢᠭᠰᠠᠨ ᠤᠳᠠᠭ᠎ᠠ ᠄ 524     ᠨᠡᠶᠢᠳᠡᠯᠡᠭᠰᠡᠨ ᠴᠠᠭ ᠄ 2019/10/28 11:34:45


     ᠮᠣᠩᠭᠣᠯ ᠦᠨᠳᠦᠰᠦᠳᠡᠨ ᠤ ᠪᠠᠨ ᠣᠯᠠᠮᠵᠢᠯᠠᠯᠳᠣ ᠵᠠᠩ ᠦᠢᠯᠡ ᠪᠠ ᠣᠷᠳᠣ ᠣᠳᠠᠭᠠᠨ ᠲᠡᠦᠭᠡ ᠰᠣᠶᠣᠯ ᠢᠶᠡᠨ ᠨᠡᠩ ᠰᠠᠶᠢᠨ ᠣᠶᠢᠯᠭᠠᠵᠣ ᠂ ᠮᠣᠩᠭᠣᠯ ᠦᠨᠳᠦᠰᠦᠳᠡᠨ ᠤ ᠡᠷᠬᠢᠮ ᠲᠡᠭᠡᠳᠦ ᠶᠣᠰᠣ ᠮᠣᠷᠠᠯ ᠵᠠᠩ ᠠᠭᠠᠯᠢ ᠬᠢᠭᠡᠳ ᠲᠦᠪ ᠴᠢᠬᠢᠮᠠᠢ ᠬᠦᠮᠦᠨ ᠰᠣᠶᠣᠯ ᠤᠨ ᠰᠡᠳᠭᠢᠯᠭᠡ ᠵᠢ ᠣᠯᠠᠮ ᠨᠢᠭᠡ ᠠᠯᠬᠣᠮ ᠪᠠᠳᠠᠷᠠᠭᠣᠯᠵᠣ ᠂ ᠰᠣᠷᠣᠭᠴᠢᠳ ᠤᠨ ᠡᠭᠡ ᠨᠣᠳᠣᠭ ᠢᠶᠡᠨ ᠬᠠᠶᠢᠷᠠᠯᠠᠬᠣ ᠬᠦᠨ ᠵᠣᠵᠠᠭᠠᠨ ᠬᠠᠶᠢᠷ᠎ᠠ ᠰᠡᠳᠭᠢᠯᠭᠡ ᠵᠢ ᠬᠦᠮᠦᠵᠢᠭᠦᠯᠵᠣ ᠂ ᠰᠣᠷᠭᠠᠭᠣᠯᠢ ᠶ᠋ᠢᠨ ᠭᠦᠷᠢᠶᠡᠨ ᠳ᠋ᠡᠬᠢ ᠦᠨᠳᠦᠰᠦᠳᠡᠨ ᠤ ᠪᠦᠯᠭᠦᠮᠳᠡᠯ ᠲᠠᠪᠰᠢᠯᠳᠠ ᠶ᠋ᠢᠨ ᠬᠦᠮᠦᠵᠢᠯ ᠲᠠᠨᠢᠯᠳᠠ ᠵᠢ ᠭᠦᠨᠵᠡᠭᠡᠶᠢᠷᠡᠭᠦᠯᠬᠦ ᠶ᠋ᠢᠨ ᠲᠦᠯᠦᠭᠡ ᠂ 10 ᠰᠠᠷ᠎ᠠ ᠶ᠋ᠢᠨ25 ᠤ ᠡᠳᠦᠷ ᠂ ᠬᠣᠰᠢᠭᠣᠨ ᠤ ᠣᠯᠣᠰ ᠲᠦᠷᠦ ᠶ᠋ᠢᠨ ᠵᠦᠪᠯᠡᠯᠭᠡᠨ ᠤ ᠲᠦᠰᠦᠯ ᠲᠣᠷᠠᠳᠬᠣ ᠰᠣᠶᠣᠯ ᠲᠡᠦᠭᠡ ᠶ᠋ᠢᠨ ᠵᠦᠪᠯᠡᠯ ᠂ ᠬᠣᠰᠢᠭᠣᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ ᠪᠣᠯᠣᠨ ᠬᠣᠰᠢᠭᠣᠨ ᠤ ᠰᠣᠷᠭᠠᠨ ᠬᠦᠮᠦᠵᠢᠯ ᠰᠢᠨᠵᠢᠯᠡᠭᠡ ᠮᠡᠷᠭᠡᠵᠢᠯ ᠪᠡᠶ᠎ᠡ ᠲᠠᠮᠢᠷ ᠤᠨ ᠲᠣᠪᠴᠢᠶ᠎ᠠ ᠵᠢᠴᠢ ᠯᠣᠣᠬ᠎ᠠ ᠶ᠋ᠢᠨ ᠭᠣᠣᠯ ᠨᠡᠷᠡᠮᠵᠢᠳᠣ ᠠᠮᠣ ᠲᠣᠰᠣᠨ ᠤ ᠠᠵᠣ ᠦᠢᠯᠡᠳᠪᠦᠷᠢ ᠶ᠋ᠢᠨ ᠬᠢᠵᠠᠭᠠᠷᠳᠣ ᠬᠠᠷᠢᠭᠣᠴᠠᠯᠭᠠᠳᠣ ᠺᠣᠮᠫᠠᠨᠢ ᠬᠠᠮᠳᠣᠷᠠᠨ 《 ᠯᠣᠣᠬ᠎ᠠ ᠶ᠋ᠢᠨ ᠭᠣᠣᠯ 》 ᠬᠣᠨᠳᠠᠭᠠᠳᠣ ᠨᠠᠢᠮᠠᠨ ᠬᠣᠰᠢᠭᠣᠨ ᠤ ᠮᠣᠩᠭᠣᠯ ᠦᠨᠳᠦᠰᠦᠳᠡᠨ ᠤ ᠵᠠᠩ ᠦᠢᠯᠡ ᠶ᠋ᠢᠨ ᠮᠡᠳᠡᠯᠭᠡ ᠶ᠋ᠢᠨ ᠣᠷᠣᠯᠳᠣᠭᠠᠨ ‍ᠢ ᠵᠣᠬᠢᠶᠠᠨ ᠪᠠᠶᠢᠭᠣᠯᠵᠣ ᠂ ᠨᠠᠢᠮᠠᠨ ᠬᠣᠰᠢᠭᠣᠨ ᠤ ᠮᠣᠩᠭᠣᠯ ᠦᠨᠳᠦᠰᠦᠳᠡᠨ ᠤ ᠲᠣᠮᠳᠠᠳᠣ ᠰᠣᠷᠭᠠᠭᠣᠯᠢ ᠲᠠᠭᠠᠴᠢᠯᠠᠨ ᠶᠠᠪᠣᠭᠳᠠᠭᠣᠯᠣᠭᠰᠠᠨ ᠪᠠᠶᠢᠨ᠎ᠠ ᠃

    ᠲᠣᠰ ᠣᠷᠣᠯᠳᠣᠭᠠᠨ ᠨᠢ ᠭᠣᠷᠪᠠᠨ ᠱᠠᠳᠣ ᠬᠣᠪᠢᠶᠠᠵᠣ ᠂ ᠲᠡᠭᠡᠳᠦ ᠨᠢᠭᠡ ᠂ ᠲᠡᠭᠡᠳᠦ ᠬᠣᠶᠠᠷ ᠤᠨ ᠰᠣᠷᠣᠭᠴᠢᠳ ᠲᠤ 《 ᠨᠠᠢᠮᠠᠨ ᠮᠣᠩᠭᠣᠯᠴᠣᠳ ᠤᠨ ᠵᠠᠩ ᠦᠢᠯᠡ 》 ᠭᠡᠬᠦ ᠨᠣᠮ ‍ᠢ ᠣᠩᠰᠢᠭᠣᠯᠣᠭᠰᠠᠨ ᠤ ᠲᠠᠷᠠᠭ᠎ᠠ ᠬᠡᠯᠡ ᠪᠢᠴᠢᠭ ᠤᠨ ᠪᠠᠭᠰᠢ ᠨᠠᠷ ᠡᠴᠡ ᠠᠩᠭᠢ ᠪᠦᠷᠢ ᠡᠴᠡ ᠲᠠᠪᠣᠨ ᠰᠣᠷᠣᠭᠴᠢ ᠵᠢ ᠰᠢᠯᠭᠠᠷᠠᠭᠣᠯᠣᠨ ᠭᠠᠷᠭᠠᠵᠣ ᠂ ᠨᠡᠶᠢᠳᠡ 65 ᠰᠣᠷᠣᠭᠴᠢ ᠵᠢ ᠣᠨ ᠤ ᠨᠢᠭᠡᠴᠢ ᠶ᠋ᠢᠨ ᠣᠷᠣᠯᠳᠣᠭᠠᠨ ᠳ᠋ᠥ ᠣᠷᠣᠯᠴᠠᠭᠣᠯᠣᠨ ᠂ ᠣᠨ ᠪᠦᠷᠢ ᠡᠴᠡ 20 ᠨᠠᠷᠠᠰ ᠰᠣᠷᠣᠭᠴᠢ ᠰᠢᠯᠭᠠᠷᠠᠭᠣᠯᠣᠨ ᠰᠢᠢᠳᠪᠦᠷᠢᠳᠣ ᠲᠡᠮᠡᠴᠡᠭᠡᠨ ᠳ᠋ᠥ ᠪᠡᠯᠡᠳᠭᠡᠯᠭᠡᠭᠰᠡᠨ ᠪᠠᠶᠢᠨ᠎ᠠ ᠃

   ᠬᠣᠶᠠᠷ ᠴᠠᠭ ᠭᠠᠷᠣᠢ ᠶ᠋ᠢᠨ ᠰᠢᠷᠦᠬᠦᠨ ᠲᠡᠮᠡᠴᠡᠭᠡᠨ ᠢᠶᠠᠷ ᠲᠠᠮᠵᠢᠨ ᠂ ᠣᠷᠣᠯᠴᠠᠭᠴᠢ ᠨᠠᠷ ᠣᠷ᠎ᠠ ᠠᠪᠢᠶᠠᠰ ᠂ ᠣᠬᠠᠭᠠᠨ ᠪᠢᠯᠢᠭ ᠢᠶᠡᠨ ᠰᠣᠷᠢᠯᠴᠠᠵᠣ ᠂ 245 ᠳ᠋ᠣᠭᠠᠷ ᠪᠦᠯᠦᠭ ᠤᠨ ᠵᠢᠷᠭᠠᠯᠳᠣ ᠲᠡᠷᠢᠬᠦᠨ ᠨᠠᠷᠡᠰ ᠢᠶᠠᠷ ᠲᠣᠳᠣᠷᠠᠭᠰᠠᠨ ᠪᠠᠶᠢᠨ᠎ᠠ ᠃ ᠵᠢᠷᠭᠠᠯᠳᠣ ᠄  ᠪᠠᠢ ᠲᠣᠰ ᠣᠳᠠᠭᠠᠨ ᠤ ᠣᠷᠣᠯᠳᠣᠭᠠᠨ ᠳ᠋ᠥ ᠣᠷᠣᠯᠴᠠᠭᠰᠠᠨ ᠳ᠋ᠠᠭᠠᠨ ᠮᠠᠰᠢ ᠪᠠᠶᠠᠷᠲᠠᠢ ᠪᠠᠶᠢᠨ᠎ᠠ ᠃ ᠲᠣᠰ ᠣᠳᠠᠭᠠᠨ ᠤ ᠣᠷᠣᠯᠳᠣᠭᠠᠨ ᠳ᠋ᠥ ᠣᠷᠣᠯᠴᠠᠬᠣ ᠶ᠋ᠢᠨ ᠲᠦᠯᠦᠭᠡ ᠦᠨᠳᠦᠰᠦᠳᠡᠨ ᠤ ᠵᠠᠩ ᠦᠢᠯᠡ ᠶ᠋ᠢᠨ ᠲᠣᠬᠠᠢ ᠢᠯᠡᠭᠦᠬᠡᠨ ᠨᠣᠮ ᠲᠡᠪᠳᠡᠷ ᠣᠷᠪᠠᠭᠣᠯᠠᠵᠣ ᠂ ᠪᠠᠭᠰᠢ ᠡᠴᠡ ᠪᠠᠰᠠ ᠯᠠᠪᠯᠠᠵᠣ ᠠᠰᠠᠭᠣᠭᠰᠠᠨ ᠪᠠᠶᠢᠨ᠎ᠠ ᠃ ᠲᠡᠷᠢᠭᠦᠯᠡᠭᠰᠡᠨ ᠲᠡᠭᠡᠨ ᠶᠡᠬᠡᠪᠡᠷ ᠪᠠᠶᠠᠷᠯᠠᠵᠣ ᠪᠠᠶᠢᠨ᠎ᠠ ᠃ ᠡᠬᠦᠨ ᠡᠴᠡ ᠬᠣᠶᠢᠰᠢᠳᠡ ᠮᠣᠩᠭᠣᠯ ᠦᠨᠳᠦᠰᠦᠳᠡᠨ ᠤ ᠪᠠᠨ ᠲᠡᠦᠭᠡ ᠰᠣᠶᠣᠯ ᠂ ᠵᠠᠩ ᠦᠢᠯᠡ ᠂ ᠣᠳᠬ᠎ᠠ ᠵᠣᠬᠢᠶᠠᠯ ᠵᠡᠷᠭᠡ ᠲᠠᠯ᠎ᠠ ᠢᠶᠠᠷ ᠮᠡᠳᠡᠯᠭᠡ ᠪᠠᠨ ᠦᠷᠭᠡᠳᠭᠡᠶ᠎ᠠ ᠭᠡᠵᠣ ᠪᠣᠳᠣᠵᠣ ᠪᠠᠶᠢᠨ᠎ᠠ ᠃

ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ