ᠪᠦᠬᠦ ᠬᠣᠰᠢᠭᠤᠨ ‍ᠤ ᠤᠳᠬ᠎ᠠ ᠵᠣᠬᠢᠶᠠᠯ ᠵᠣᠬᠢᠶᠠᠨ ᠪᠦᠲᠦᠬᠡᠬᠦ ᠰᠣᠯᠢᠯᠴᠠᠭᠠᠨ ‍ᠤ ᠬᠤᠷᠠᠯ ᠵᠢᠴᠢ ᠴᠢᠩ ᠯᠦᠩ ᠱᠠᠨ ᠳ᠋ᠦ ᠬᠦᠷᠴᠦ ᠨᠠᠮᠤᠷ ‍ᠤᠨ ᠤᠯᠠᠷᠢᠯ ‍ᠤᠨ ᠮᠠᠲ᠋ᠸᠷᠢᠶᠠᠯ ᠴᠣᠭᠯᠠᠭᠣᠯᠬᠣ ᠠᠵᠢᠯᠯᠠᠭ᠎ᠠ ᠶᠠᠪᠣᠭᠳᠠᠭᠰᠠᠨ

ᠣᠩᠰᠢᠭᠰᠠᠨ ᠤᠳᠠᠭ᠎ᠠ ᠄ 950     ᠨᠡᠶᠢᠳᠡᠯᠡᠭᠰᠡᠨ ᠴᠠᠭ ᠄ 2019/10/24 9:01:15

         

     10 ᠳ᠋ᠣᠭᠠᠷ ᠰᠠᠷ᠎ᠠ ᠶ᠋ᠢᠨ 19 ‍ᠦ ᠡᠳᠦᠷ ᠂ ᠪᠥᠬᠥ ᠬᠣᠰᠢᠭᠤᠨ ‍ᠤ ᠤᠳᠬ᠎ᠠ ᠵᠣᠬᠢᠶᠠᠯ ᠵᠣᠬᠢᠶᠠᠨ ᠪᠦᠲᠦᠬᠡᠬᠦ ᠰᠣᠯᠢᠯᠴᠠᠭᠠᠨ ‍ᠤ ᠬᠤᠷᠠᠯ ᠬᠤᠷᠠᠯᠳᠤᠵᠤ ᠂ ᠴᠢᠩ ᠯᠦᠩ ᠱᠠᠨ ᠳ᠋ᠦ ᠬᠦᠷᠴᠦ ᠨᠠᠮᠤᠷ ‍ᠤᠨ ᠤᠯᠠᠷᠢᠯ ‍ᠤᠨ ᠮᠠᠲ᠋ᠸᠷᠢᠶᠠᠯ ᠴᠣᠭᠯᠠᠭᠣᠯᠬᠣ ᠠᠵᠢᠯᠯᠠᠭ᠎ᠠ ᠶᠠᠪᠣᠭᠳᠠᠭᠣᠯᠪᠠ ᠃ ᠬᠣᠰᠢᠭᠣᠨ ᠤ ᠨᠠᠮ ‍ᠤᠨ ᠬᠣᠷᠢᠶᠠᠨ ‍ᠤ ᠪᠠᠶᠢᠩᠭᠤ ᠶ᠋ᠢᠨ ᠭᠡᠰᠢᠭᠦᠨ ᠂ ᠤᠬᠠᠭᠤᠯᠬᠤ ᠬᠡᠯᠲᠡᠰ ‍ᠦᠨ ᠳᠠᠷᠤᠭ᠎ᠠ ᠯᠢ ᠶᠠᠨ ᠾᠦᠢ ᠬᠤᠷᠠᠯ ᠳ᠋ᠤ ᠰᠠᠭᠠᠳᠠᠵᠣ ᠂ ᠬᠤᠷᠠᠯ ᠳ᠋ᠤ ᠣᠷᠣᠯᠴᠠᠭᠰᠠᠳ ᠤᠳᠬ᠎ᠠ ᠵᠣᠬᠢᠶᠠᠯ ᠵᠣᠬᠢᠶᠠᠨ ᠪᠦᠲᠦᠬᠡᠬᠦ ᠂ ᠨᠠᠮᠤᠷ ‍ᠤᠨ ᠤᠯᠠᠷᠢᠯ ‍ᠤᠨ ᠮᠠᠲ᠋ᠸᠷᠢᠶᠠᠯ ᠴᠤᠭᠯᠠᠭᠤᠯᠬᠤ ᠲᠤᠬᠠᠶ ᠰᠠᠨᠠᠯ ᠢᠶᠡᠨ ᠰᠣᠯᠢᠯᠴᠠᠨ ᠰᠣᠷᠣᠯᠴᠠᠭᠰᠠᠨ ᠪᠠᠶᠢᠨ᠎ᠠ ᠃

        

     

      

      ᠯᠢ ᠶᠠᠨ ᠾᠦᠢ ᠮᠠᠨ ‍ᠤ ᠬᠣᠰᠢᠭᠤᠨ ‍ᠤ ᠤᠳᠬ᠎ᠠ ᠵᠣᠬᠢᠶᠠᠯ ‍ᠤᠨ ᠵᠣᠬᠢᠶᠠᠨ ᠪᠦᠲᠦᠭᠡᠯᠭᠡ ᠶ᠋ᠢᠨ ᠳᠠᠯ᠎ᠠ ᠳ᠋ᠤ ᠣᠯᠤᠭᠰᠠᠨ ᠠᠮᠵᠢᠯᠲᠠ ᠶ᠋ᠢ ᠡᠷᠭᠢᠴᠡᠭᠦᠯᠦᠭᠰᠡᠨ ᠪᠥᠭᠡᠳ ᠬᠣᠶᠢᠰᠢᠳᠠ ᠶ᠋ᠢᠨ ᠠᠵᠢᠯ ᠳ᠋ᠤ ᠪᠠᠶᠢᠷᠢᠯᠠᠭᠤᠯᠤᠯᠲᠠ ᠬᠢᠵᠦ ᠂ ᠲᠡᠷᠡ ᠥᠷᠭᠡᠨ ᠣᠯᠠᠨ ᠤᠳᠬ᠎ᠠ ᠵᠣᠬᠢᠶᠠᠯ ‍ᠤᠨ ᠠᠵᠢᠯᠲᠠᠳ ᠢ ᠦᠷᠭᠦᠯᠵᠢᠯᠡᠨ ᠠᠷᠠᠳ ᠲᠦᠮᠡᠨ ‍ᠦ ᠳᠤᠮᠳᠠ ᠦᠨᠳᠦᠰᠦᠯᠡᠵᠦ ᠂ ᠠᠮᠢᠳᠤᠷᠠᠯ ᠳ᠋ᠤ ᠦᠨᠳᠦᠰᠦᠯᠡᠵᠦ ᠂ ᠤᠳᠬ᠎ᠠ ᠵᠣᠬᠢᠶᠠᠯ ‍ᠤᠨ ᠵᠣᠬᠢᠶᠠᠨ ᠪᠦᠲᠦᠭᠡᠯᠭᠡ ᠶ᠋ᠢᠨ ᠤᠭ ᠰᠠᠨᠠᠭ᠎ᠠ ᠪᠠᠨ ᠦᠯᠦ ᠮᠠᠷᠲᠠᠨ ᠂ ᠨᠢᠭᠲᠠ ᠡᠴᠠ ᠨᠢᠭᠲᠠ ᠴᠢᠷᠮᠠᠶᠢᠬᠤ ᠤᠷᠠᠨ ᠳᠠᠷᠬᠠᠨ ᠰᠡᠳᠬᠢᠯ ‍ᠢ ᠡᠪᠦᠷᠯᠡᠨ ᠂ ᠤᠳᠬ᠎ᠠ ᠵᠣᠬᠢᠶᠠᠯ ‍ᠤᠨ ᠬᠥᠭᠵᠢᠯ ᠴᠡᠴᠡᠭᠯᠡᠯ ᠤᠨ ᠢᠲᠡᠭᠡᠯ ‍ᠢᠶ᠋ᠡᠨ ᠪᠠᠲᠤᠳᠬᠠᠵᠤ ᠂ ᠠᠷᠠᠳ ᠣᠯᠠᠨ ‍ᠤ ᠤᠳᠬ᠎ᠠ ᠵᠣᠬᠢᠶᠠᠯ ‍ᠤᠨ ᠬᠡᠷᠡᠭᠴᠡᠭᠡ ᠶ᠋ᠢ ᠲᠠᠰᠤᠷᠠᠯᠲᠠ ᠦᠭᠡᠢ ᠬᠠᠩᠭᠠᠭᠠᠨ ᠂ ᠴᠠᠭ ᠦᠶ᠎ᠡ ᠶ᠋ᠢᠨ ᠬᠥᠭ ᠠᠶᠠᠰ ‍ᠢ ᠴᠢᠪᠬᠠᠳᠠᠵᠤ ᠂ ᠨᠠᠢᠮᠠᠨ ‍ᠤ ᠦᠯᠢᠭᠡᠷ ‍ᠢ ᠰᠠᠶᠢᠲᠤᠷ ᠶᠠᠷᠢᠵᠤ ᠂ ᠮᠠᠨ ‍ᠤ ᠬᠣᠰᠢᠭᠤᠨ ‍ᠤ ᠤᠳᠬ᠎ᠠ ᠵᠣᠬᠢᠶᠠᠯ ‍ᠤᠨ ᠰᠢᠨ᠎ᠡ ᠡᠭᠦᠳᠦᠯᠲᠡ ᠶ᠋ᠢ ᠠᠬᠢᠭᠣᠯᠣᠨ ᠂ ᠠᠷᠠᠳ ᠲᠦᠮᠡᠨ ᠪᠠ ᠴᠠᠭ ᠦᠶ᠎ᠡ ᠡᠴᠡ ᠣᠯᠭᠣᠭᠰᠠᠨ ᠤᠳᠬ᠎ᠠ ᠵᠣᠬᠢᠶᠠᠯ ‍ᠤᠨ ᠬᠠᠷᠢᠭᠤᠴᠠᠯᠭ᠎ᠠ ᠪᠠ ᠬᠦᠰᠡᠯ ᠡᠷᠡᠮᠡᠯᠵᠡᠯ ‍ᠢ ᠬᠥᠰᠡᠷᠳᠡᠭᠦᠯᠬᠦ ᠦᠭᠡᠢ ᠪᠠᠶᠢᠬᠤ ᠶ᠋ᠢ ᠬᠦᠰᠡᠪᠡ ᠃

     

   

      ᠲᠣᠰ ᠤᠳᠠᠭᠠᠨ ‍ᠤ ᠠᠵᠢᠯᠯᠠᠭ᠎ᠠ ᠨᠢ ᠬᠣᠶᠠᠷ ᠡᠳᠦᠷ ᠶᠠᠪᠤᠭᠳᠠᠵᠤ ᠂ ᠬᠣᠰᠢᠭᠤᠨ ‍ᠤ ᠵᠣᠬᠢᠶᠠᠯᠴᠢᠳ ‍ᠤᠨ ᠨᠡᠶᠢᠬᠡᠮᠯᠢᠭ ᠂ ᠰᠢᠯᠦᠭ ᠳᠠᠭᠤᠯᠠᠯ ‍ᠤᠨ ᠨᠡᠶᠢᠭᠡᠮᠯᠢᠭ ‍ᠦᠨ ᠭᠣᠤᠯᠯᠠᠭᠴᠢ ᠭᠡᠰᠢᠭᠦᠨ ᠵᠢᠴᠢ ᠬᠡᠰᠡᠭ ᠤᠳᠬ᠎ᠠ ᠵᠣᠬᠢᠶᠠᠯ ‍ᠤᠨ ᠵᠣᠬᠢᠶᠠᠨ ᠪᠦᠲᠦᠭᠡᠯᠭᠡ ᠶ᠋ᠢᠨ ᠪᠠᠬᠠᠳᠠᠳ 40 ᠭᠠᠷᠣᠢ ᠬᠥᠮᠦᠨ ᠣᠷᠣᠯᠴᠠᠵᠣ ᠂ ᠬᠣᠷᠠᠯ ᠤᠨ ᠳᠠᠷᠠᠭ᠎ᠠ ᠬᠤᠷᠠᠯ ᠳ᠋ᠤ ᠣᠷᠣᠯᠴᠠᠭᠰᠠᠳ ᠴᠢᠩ ᠯᠦᠩ ᠱᠠᠨ ‍ᠤ ᠠᠮᠲᠠᠲᠤ ᠲᠥᠮᠥᠰᠥ ᠶ᠋ᠢᠨ ᠰᠢᠨᠵᠢᠯᠡᠬᠦ ᠮᠡᠷᠭᠡᠵᠢᠯ ‍ᠦᠨ ᠠᠵᠤ ᠦᠢᠯᠡᠰ ‍ᠦᠨ ᠬᠦᠷᠢᠶᠡᠯᠡᠩ ᠂ ᠠᠮᠲᠠᠲᠤ ᠲᠥᠮᠥᠰᠥ ᠪᠣᠶᠢᠵᠢᠭᠤᠯᠬᠤ ᠲᠥᠪ ᠵᠡᠷᠭᠡ ᠶ᠋ᠢ ᠲᠣᠭᠣᠷᠢᠨ ᠦᠵᠡᠵᠦ ᠪᠠᠶᠢᠴᠠᠭᠠᠨ ᠰᠣᠳᠣᠯᠣᠯᠳᠠ ᠬᠢᠵᠡᠢ ᠃


ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ