ᠨᠠᠢᠮᠠᠨ ᠬᠤᠰᠢᠭᠤ ᠲᠠᠲᠠᠳᠤᠡᠭᠭ᠎ᠠ ᠨᠡᠷᠡᠮᠵᠢᠳᠦ ᠮᠤᠡᠭᠭᠤᠯ ᠦᠰᠦᠭ ᠪᠢᠴᠢᠭ ‍ᠤᠨ ᠮᠦᠽᠸᠢ ᠪᠠᠶᠢᠭᠣᠯᠣᠭᠰᠠᠨ

ᠣᠩᠰᠢᠭᠰᠠᠨ ᠤᠳᠠᠭ᠎ᠠ ᠄ 1551     ᠨᠡᠶᠢᠳᠡᠯᠡᠭᠰᠡᠨ ᠴᠠᠭ ᠄ 2019/10/18 9:21:53

     ᠨᠠᠯᠠᠭᠠᠷ ᠨᠠᠮᠤᠷ ‍ᠤᠨ ᠠᠷᠪᠠᠨ ᠰᠠᠷ᠎ᠠ ᠳ᠋ᠤ ᠨᠠᠢᠮᠠᠨ ᠸᠠᠡᠭ ‍ᠤᠨ ᠬᠣᠷᠢᠶᠠᠨ ᠳ᠋ᠤ ᠦᠯᠡᠮᠵᠢ ᠵᠤᠴᠢᠳ ᠬᠤᠷᠠᠵᠤ ᠦᠪᠡᠳᠡᠭᠰᠢ ᠴᠤᠭᠯᠠᠭᠠᠨ ᠪᠣᠯᠵᠣ ᠂ 10 ᠳ᠋ᠤᠭᠠᠷ ᠰᠠᠷ᠎ᠠ ᠶ᠋ᠢᠨ 16 ‍ᠤ ᠡᠳᠦᠷ ᠂ ᠲᠠᠲᠠᠳᠤᠡᠭᠭ᠎ᠠ ᠨᠡᠷᠡᠮᠵᠢᠳᠦ ᠮᠤᠡᠭᠭᠤᠯ ᠦᠰᠦᠭ ᠪᠢᠴᠢᠭ ‍ᠤᠨ ᠮᠦᠽᠸᠢ ᠶ᠋ᠢᠨ ᠨᠡᠭᠡᠭᠡᠯᠲᠡ ᠶ᠋ᠢᠨ ᠶᠤᠰᠤᠯᠠᠯ ᠪᠠ ᠮᠤᠡᠭᠭᠤᠯ ᠭᠡᠯᠨ ᠰᠤᠶᠤᠯ ‍ᠤᠨ ᠡᠷᠲᠡᠮ ᠰᠢᠡᠵᠢᠯᠡᠭᠡᠨ ‍ᠤ ᠰᠤᠳᠤᠯᠤᠨ ᠶᠠᠷᠢᠯᠴᠠᠬᠤ ᠬᠤᠷᠠᠯ ᠡᠬᠢᠯᠡᠬᠦ ᠶᠤᠰᠤᠯᠠᠯ ᠬᠤᠰᠢᠭᠤᠨ ‍ᠤ ᠡᠤᠤᠯ ‍ᠤᠨ ᠸᠠᠡᠭ ‍ᠤᠨ  ᠬᠣᠷᠢᠶᠠᠨ ᠳ᠋ᠤ ᠦᠪᠡᠳᠡᠭᠰᠢ ᠶᠡᠭᠡ ᠪᠠᠷ ᠶᠠᠪᠤᠭᠳᠠᠪᠠ ᠃

               

      ᠲᠤᠰ ᠤᠳᠠᠭᠠᠨ ‍ᠤ ᠠᠵᠢᠯᠯᠠᠭ᠎ᠠ ᠨᠢ 2 ᠡᠳᠦᠷ ‍ᠤᠨ ᠬᠤᠭᠤᠴᠠᠭ᠎ᠠ ᠲᠠᠢ ᠶᠠᠪᠣᠭᠳᠠᠵᠣ ᠂ ᠨᠡᠭᠡᠭᠡᠯᠲᠡ ᠶ᠋ᠢᠨ ᠶᠤᠰᠤᠯᠠᠯ ᠬᠢᠭᠡᠳ ᠬᠤᠷᠠᠯ ᠡᠬᠢᠯᠡᠬᠦ ᠶᠤᠰᠤᠯᠠᠯ ᠡᠴᠠ ᠭᠠᠳᠠᠨ᠎ᠠ ᠨᠤᠮ ᠪᠢᠴᠢᠭ ᠬᠠᠡᠳᠢᠪᠯᠠᠬᠤ ᠂ ᠦᠪᠦᠷ ᠮᠤᠡᠭᠭᠤᠯ ‍ᠤᠨ ᠶᠡᠭᠡ ᠰᠤᠷᠭᠠᠭᠤᠯᠢ ᠶ᠋ᠢᠨ ᠠᠰᠫᠢᠷᠠᠡᠲ ‍ᠤᠨ ᠰᠠᠭᠤᠷᠢᠨ ᠭᠠᠵᠠᠷ ‍ᠤᠨ ᠫᠠᠶᠢᠰᠠ ᠡᠯᠬᠦᠬᠦ ᠂ ᠮᠤᠡᠭᠭᠤᠯ ᠭᠡᠯᠨ ᠰᠤᠶᠤᠯ ‍ᠤᠨ ᠡᠷᠲᠡᠮ ᠰᠢᠡᠵᠢᠯᠡᠭᠡᠨ ‍ᠤ ᠲᠠᠯ᠎ᠠ ᠪᠠᠷ ᠰᠤᠳᠤᠯᠤᠨ ᠶᠠᠷᠢᠯᠴᠠᠬᠤ ᠵᠡᠷᠭᠡ ᠠᠭᠤᠯᠭ᠎ᠠ ᠲᠠᠢ ᠪᠣᠢ ᠃

    

     ᠬᠤᠷᠠᠯ ᠡᠬᠢᠯᠡᠬᠦ ᠶᠤᠰᠤᠯᠠᠯ ᠳᠡᠭᠡᠷ᠎ᠡ ᠦᠪᠦᠷ ᠮᠤᠡᠭᠭᠤᠯ ‍ᠤᠨ ᠶᠡᠭᠡ ᠰᠤᠷᠭᠠᠭᠤᠯᠢ ᠶ᠋ᠢᠨ ᠫᠷᠤᠹᠸᠰᠰᠤᠷ ᠪᠠ‍ · ᠭᠡᠷᠡᠯᠳᠦ ᠂ ᠦᠪᠦᠷ ᠮᠤᠡᠭᠭᠤᠯ ‍ᠤᠨ ᠦᠡᠳᠦᠰᠦᠲᠡᠨ ‍ᠤ ᠶᠡᠭᠡ ᠰᠤᠷᠭᠠᠭᠤᠯᠢ ᠶ᠋ᠢᠨ ᠫᠷᠤᠹᠸᠰᠰᠤᠷ ᠪᠠ‍ · ᠰᠦᠭᠡ ᠪᠤᠯᠤᠨ ᠰᠢᠯᠢ ᠶ᠋ᠢᠨ ᠭᠤᠤᠯ ᠠᠶᠢᠮᠠᠭ ‍ᠤᠨ ᠪᠠᠷᠠᠭᠤᠨ ᠦᠵᠦᠮᠦᠴᠢᠨ ‍ᠤ ᠪᠠᠭᠰᠢ ᠲᠠᠷᠤᠴᠢᠨ ᠮᠠᠡᠳᠤᠬᠤ ᠨᠠᠷ ᠨᠠᠢᠮᠠᠨ ᠬᠤᠰᠢᠭᠤᠨ ᠳ᠋ᠤ ᠨᠤᠮ ᠬᠠᠨᠳᠢᠪᠯᠠᠵᠣ ᠂ ᠲᠡᠳᠡᠭᠡᠷ ᠬᠠᠡᠳᠢᠪ ‍ᠤᠨ ᠨᠤᠮ ‍ᠤᠨ ᠲᠤᠳᠤᠷ᠎ᠠ ᠨᠠᠢᠮᠠᠨ ᠬᠤᠰᠢᠭᠤᠨ ‍ᠤ ᠠᠯᠲᠠᠷᠳᠤ ᠬᠦᠮᠦᠨ ᠪᠤᠯᠬᠤ ᠪᠦᠭᠡᠭᠡᠰᠢᠭ ‍ᠤᠨ ᠡᠷᠬᠢᠯᠡᠵᠦ ᠪᠠᠶᠢᠭᠰᠠᠨ 《 ᠤᠯᠠᠭᠠᠨ ᠪᠠᠷᠰ 》 ᠰᠡᠳᠬᠦᠯ ‍ᠢ ᠵᠢᠷᠤᠭᠯᠠᠨ ᠬᠡᠪᠯᠡᠭᠰᠡᠨ 400 ᠢᠵᠢ ᠨᠤᠮ ᠪᠠᠶᠢᠨ᠎ᠠ ᠃

    

     ᠳᠠᠷᠠᠭ᠎ᠠ ᠨᠢ ᠦᠪᠦᠷ ᠮᠤᠡᠭᠭᠤᠯ ‍ᠤᠨ ᠶᠡᠭᠡ ᠰᠤᠷᠭᠠᠭᠤᠯᠢ ᠶ᠋ᠢᠨ ᠠᠰᠫᠢᠷᠠᠡᠲ ‍ᠤᠨ ᠰᠠᠭᠤᠷᠢᠨ ᠭᠠᠵᠠᠷ ‍ᠤᠨ ᠫᠠᠶᠢᠰᠠ ᠶ᠋ᠢ ᠲᠠᠲᠠᠳᠤᠡᠭᠭ᠎ᠠ ᠨᠡᠷᠡᠮᠵᠢᠳᠦ ᠮᠤᠡᠭᠭᠤᠯ ᠦᠰᠦᠭ ᠪᠢᠴᠢᠭ ‍ᠤᠨ ᠮᠦᠽᠸᠢ ᠳ᠋ᠤ ᠡᠯᠬᠦᠬᠦ ᠶᠤᠰᠤᠯᠠᠯ ᠶᠠᠪᠣᠭᠳᠠᠭᠣᠯᠵᠣ ᠂ ᠲᠠᠲᠠᠳᠤᠡᠭᠭ᠎ᠠ ᠨᠡᠷᠡᠮᠵᠢᠳᠦ ᠮᠤᠡᠭᠭᠤᠯ ᠦᠰᠦᠭ ᠪᠢᠴᠢᠭ ‍ᠤᠨ ᠮᠦᠽᠸᠢ ᠨᠢ ᠬᠤᠪᠤᠷ ᠨᠠᠡᠳᠢᠨ ᠬᠠᠭᠤᠴᠢ ᠪᠤᠲᠠᠰ ᠬᠢᠭᠡᠳ ᠡᠷᠲᠡᠨ ‍ᠤ ᠨᠤᠮ ᠪᠢᠴᠢᠭ ᠢᠶᠠᠷ ᠳᠣᠯᠭᠠᠭᠣᠷᠢᠯᠠᠨ ᠂ ᠮᠤᠡᠭᠭᠤᠯ ᠦᠰᠦᠭ ᠪᠢᠴᠢᠭ ‍ᠤᠨ ᠡᠷᠲᠡᠨ ᠡᠴᠠ ᠤᠳᠤ ᠪᠤᠯᠲᠠᠯᠠᠬᠢ ᠤᠯᠠᠷᠢᠯ ᠬᠤᠪᠢᠰᠤᠯ ‍ᠢ ᠳᠡᠯᠭᠡᠨ ᠦᠵᠡᠬᠦᠯᠦᠭᠰᠡᠨ ᠪᠠᠶᠢᠨ᠎ᠠ ᠃ ᠲᠡᠷᠨ ᠨᠢ ᠳᠡᠯᠡᠬᠡᠢ ᠳᠡᠭᠡᠷ᠎ᠡ ᠠᠡᠭᠬᠠᠨ ‍ᠤ ᠮᠤᠡᠭᠭᠤᠯ ᠦᠰᠦᠭ ᠪᠢᠴᠢᠭ ‍ᠤᠨ ᠮᠦᠽᠸᠢ ᠪᠤᠯᠬᠤ ᠮᠦᠷᠲᠡᠭᠡᠨ ᠴᠦᠭᠡᠨ ᠭᠡᠳᠦᠨ ᠴᠦᠭᠡᠨ ᠲᠤᠭᠠᠳᠤ ᠦᠡᠳᠦᠰᠦᠲᠡᠨ ‍ᠤ ᠦᠰᠦᠭ ᠪᠢᠴᠢᠭ ‍ᠤᠨ ᠮᠦᠽᠸᠢ ᠪᠤᠯᠵᠠᠢ ᠃

                                   


            

    ᠲᠠᠲᠠᠳᠤᠡᠭᠭ᠎ᠠ ᠨᠡᠷᠡᠮᠵᠢᠳᠦ ᠮᠤᠡᠭᠭᠤᠯ ᠦᠰᠦᠭ ᠪᠢᠴᠢᠭ ‍ᠤᠨ ᠮᠦᠽᠸᠢ ᠪᠠᠶᠢᠭᠤᠯᠤᠭᠲᠠᠭᠰᠠᠨ ᠨᠢ ᠲᠤᠰ ᠵᠢᠯ ‍ᠤᠨ ᠳᠤᠯᠤᠳᠤᠭᠠᠷ ᠰᠠᠷ᠎ᠠ ᠳ᠋ᠤ ᠰᠢ ᠵᠢᠨ ᠫᠢᠡᠭ ᠶᠡᠷᠦᠡᠭᠬᠡᠢ ᠱᠦᠵᠢ ᠦᠪᠦᠷ ᠮᠤᠡᠭᠭᠤᠯ ‍ᠢ ᠪᠠᠶᠢᠴᠠᠭᠠᠨ ᠦᠵᠡᠬᠦ ᠳ᠋ᠡᠭᠡᠨ ᠶᠠᠷᠢᠭᠰᠠᠨ 《 ᠴᠦᠭᠡᠨ ᠲᠤᠭᠠᠳᠤ ᠦᠡᠳᠦᠰᠦᠲᠡᠨ ‍ᠤ ᠰᠤᠶᠤᠯ ‍ᠤᠨ ᠦᠪ ‍ᠢ ᠬᠠᠮᠠᠭᠠᠯᠠᠨ ᠤᠯᠠᠮᠵᠢᠯᠠᠬᠤ ᠬᠡᠷᠡᠭᠲᠡᠢ 》 ᠭᠡᠬᠦ ᠵᠤᠷᠢᠭ ᠰᠠᠨᠠᠭᠠᠨ ‍ᠤ ᠴᠢᠬᠤᠯᠨ ᠢᠯᠡᠷᠡᠯ ᠪᠠᠶᠢᠭ᠎ᠠ ᠮᠦᠷᠲᠡᠭᠡᠨ 《 ᠡᠷᠲᠡᠨ ‍ᠤ ᠮᠤᠡᠭᠭᠤᠯ ᠨᠤᠮ ᠪᠢᠴᠢᠭ ‍ᠢ ᠡᠷᠢᠵᠦ ᠴᠤᠭᠯᠠᠭᠤᠯᠬᠤ ᠂ ᠡᠮᠬᠢᠳᠭᠡᠬᠦ ᠂ ᠬᠠᠮᠠᠭᠠᠯᠠᠬᠤ ᠂ ᠲᠡᠷᠡᠴᠢᠯᠡᠨ ᠲᠡᠳᠡᠭᠡᠷ ‍ᠤᠨ ᠲᠤᠳᠤᠷᠠᠬᠢ ᠦᠡᠳᠦᠰᠦᠲᠡᠨ ‍ᠤ ᠪᠦᠯᠬᠦᠮᠳᠡᠯ ‍ᠤᠨ ᠲᠠᠪᠰᠢᠭᠰᠠᠨ ᠦᠵᠡᠯ ᠠᠭᠤᠯᠭ᠎ᠠ ᠶ᠋ᠢ ᠠᠭᠤᠳᠠᠯᠤᠨ ᠳᠡᠯᠭᠡᠷᠡᠬᠦᠯᠵᠦ ᠂ ᠡᠯ᠎ᠡ ᠦᠡᠳᠦᠰᠦᠲᠡᠨ ‍ᠤ ᠬᠠᠮᠳᠤ ᠪᠠᠷ ᠪᠦᠯᠬᠦᠮᠳᠡᠨ ᠲᠡᠮᠡᠴᠡᠵᠦ ᠂ ᠬᠠᠮᠳᠤ ᠪᠠᠷ ᠬᠦᠭᠵᠢᠨ ᠪᠠᠲᠠᠷᠠᠬᠤ ᠶ᠋ᠢ ᠵᠤᠷᠢᠭᠵᠢᠭᠤᠯᠬᠤ 》 ᠵᠤᠷᠢᠭ ᠰᠠᠨᠠᠭᠠᠨ ‍ᠤ ᠴᠢᠬᠤᠯᠨ ᠢᠯᠡᠷᠡᠯ ᠪᠣᠯᠣᠨ᠎ᠠ ᠃

   

    ᠲᠠᠲᠠᠳᠤᠡᠭᠭ᠎ᠠ ᠨᠡᠷᠡᠮᠵᠢᠳᠦ ᠮᠤᠡᠭᠭᠤᠯ ᠦᠰᠦᠭ ᠪᠢᠴᠢᠭ ‍ᠤᠨ ᠮᠦᠽᠸᠢ ᠶ᠋ᠢ ᠪᠠᠶᠢᠭᠤᠯᠬᠤ ᠳ᠋ᠤ ᠦᠪᠦᠷ ᠮᠤᠡᠭᠭᠤᠯ ‍ᠤᠨ ᠶᠡᠭᠡ ᠰᠤᠷᠭᠠᠭᠤᠯᠢ ᠳ᠋ᠤ ᠡᠷᠳᠡᠮ ᠰᠢᠡᠵᠢᠯᠡᠭᠡᠨ ‍ᠤ ᠰᠤᠳᠤᠯᠤᠨ ᠶᠠᠷᠢᠯᠴᠠᠬᠤ ᠬᠤᠷᠠᠯ ᠬᠤᠷᠠᠯᠳᠤᠭᠤᠯᠵᠤ ᠂ ᠲᠡᠭᠦᠨ ‍ᠤ ᠤᠯᠠᠮ ᠢᠶᠠᠷ ᠡᠳᠦᠢ ᠲᠡᠳᠦᠢ ᠡᠷᠳᠡᠮᠲᠡᠨ ‍ᠢ ᠤᠷᠢᠵᠦ ᠮᠦᠽᠸᠢ ᠪᠠᠶᠢᠭᠤᠯᠬᠤ ᠲᠦᠰᠦᠪ ᠳᠣᠭᠳᠠᠭᠠᠵᠣ ᠂ ᠮᠦᠽᠸᠢ ᠪᠠᠶᠢᠭᠤᠯᠬᠤ ᠶᠠᠪᠤᠴᠠ ᠳ᠋ᠤ ᠨᠡᠶᠢᠭᠡᠮ ‍ᠤᠨ ᠡᠯ᠎ᠡ ᠡᠲᠡᠭᠡᠳ ‍ᠤᠨ ᠬᠦᠴᠦᠲᠡᠢ ᠬᠠᠪᠰᠤᠷᠤᠯᠭ᠎ᠠ ᠳᠡᠮᠵᠢᠯᠭᠡ ᠶ᠋ᠢ ᠬᠦᠷᠲᠡᠵᠡᠢ ᠃

   

    ᠲᠠᠲᠠᠳᠤᠡᠭᠭ᠎ᠠ ᠨᠡᠷᠡᠮᠵᠢᠳᠦ ᠮᠤᠡᠭᠭᠤᠯ ᠦᠰᠦᠭ ᠪᠢᠴᠢᠭ ‍ᠤᠨ ᠮᠦᠽᠸᠢ ᠶ᠋ᠢ ᠨᠠᠢᠮᠠᠨ ᠳ᠋ᠤ ᠪᠠᠶᠢᠭᠤᠯᠤᠭᠰᠠᠨ ‍ᠤ ᠤᠴᠢᠷ ᠭᠡᠪᠡᠯ ᠲᠠᠲᠠᠳᠤᠡᠭᠭ᠎ᠠ ᠪᠤᠯ ᠨᠠᠢᠮᠠᠨ ᠬᠦᠮᠦᠨ ᠪᠠᠶᠢᠭᠰᠠᠨ ᠮᠦᠷᠲᠡᠭᠡᠨ ᠦᠨᠦᠳᠦᠷ ‍ᠤᠨ ᠨᠠᠢᠮᠠᠡᠴᠤᠳ ᠲᠠᠢ ᠨᠢᠭᠡ ᠠᠶᠢᠮᠠᠭ ‍ᠤᠨ ᠬᠦᠮᠦᠨ ᠪᠠᠶᠢᠭᠰᠠᠨ ᠳ᠋ᠤ ᠤᠷᠤᠰᠢᠨ᠎ᠠ ᠃ 《 ᠵᠠᠷᠯᠢᠭ ᠢᠶᠠᠷ ᠲᠤᠭᠲᠠᠭᠠᠭᠰᠠᠨ ᠭᠠᠳᠠᠭᠠᠳᠤ ᠮᠤᠡᠭᠭᠤᠯ ‍ᠤᠨ ᠬᠤᠲᠤᠡᠭ ‍ᠤᠨ ᠸᠠᠡᠭ ᠬᠦᠡᠭ ‍ᠤᠨ ᠢᠯᠡᠳᠭᠡᠯ ᠱᠠᠰᠲᠢᠷ 》 ᠲᠤᠳᠤᠷᠠᠬᠢ 《 ᠨᠠᠢᠮᠠᠨ ᠠᠶᠢᠮᠠᠭ ‍ᠤᠨ ᠶᠡᠷᠦᠡᠭᠬᠡᠢ ᠱᠠᠰᠲᠢᠷ 》 ᠲᠤ ᠄ 《 ᠶᠤᠸᠠᠨ ᠲᠠᠶᠢᠽᠦ ᠳᠡᠬᠦᠦ ᠬᠠᠪᠤᠳᠤ ᠬᠠᠰᠠᠷ ᠲᠠᠢ ᠪᠠᠨ ᠨᠠᠢᠮᠠᠨ ᠠᠶᠢᠮᠠᠭ ‍ᠢ ᠲᠦᠪᠰᠢᠳᠭᠡᠪᠡ ᠭᠡᠰᠡᠨ ᠠᠨᠤ ︿ ᠶᠤᠸᠠᠨ ‍ᠤ ᠰᠤᠲᠤᠷ ﹀  ᠲᠤ ᠲᠤᠳᠤᠷᠬᠠᠢ ᠪᠤᠢ ᠃ ᠴᠢᠡᠭᠬᠢᠰ ᠬᠠᠭᠠᠨ ‍ᠤ ᠠᠷᠪᠠᠨ ᠵᠢᠷᠭᠤᠳᠤᠭᠠᠷ ᠦᠶ᠎ᠡ ᠶ᠋ᠢᠨ ᠠᠴᠢ ᠲᠦᠷᠦᠪᠤᠯᠤᠳ ᠡᠴᠠ ᠳᠤᠷᠤᠭᠰᠢ ᠭᠤᠷᠪᠠᠨ ᠦᠶ᠎ᠡ ᠤᠯᠠᠮᠵᠢᠯᠠᠨ ᠡᠰᠡᠨ ᠤᠶᠢᠵᠠᠡᠭ ᠨᠤᠶᠠᠨ ᠳ᠋ᠤ ᠬᠦᠷᠦᠭᠡᠳ ᠠᠶᠢᠮᠠᠭ ‍ᠤᠨ ᠨᠡᠷ᠎ᠡ ᠪᠤᠯᠭᠠᠨ ᠭᠡᠷᠡᠭᠯᠡᠪᠡ ᠃ ᠬᠦᠪᠡᠬᠦᠨ ᠠᠨᠤ ᠭᠤᠡᠴᠤᠭ ᠂ ᠪᠠᠭᠠᠲᠤᠷ ᠲᠠᠶᠢᠵᠢ ᠴᠤᠯᠠᠯᠠᠭᠳᠠᠨ ᠂ ᠴᠠᠬᠠᠷ ‍ᠤᠨ ᠬᠠᠷᠢᠶᠠᠳᠤ ᠪᠤᠯᠪᠠᠢ 》 ᠭᠡᠵᠤ ᠲᠡᠮᠳᠡᠭᠯᠡᠵᠦ ᠪᠠᠶᠢᠭ᠎ᠠ ᠪᠢᠯᠨ ᠃

   

      1204 ᠤᠨ ᠳ᠋ᠤ ᠂ ᠴᠢᠡᠭᠬᠢᠰ ᠬᠠᠭᠠᠨ ᠨᠠᠢᠮᠠᠨ ᠠᠶᠢᠮᠠᠭ ‍ᠢ ᠳᠠᠶᠢᠯᠠᠬᠤ ᠦᠶ᠎ᠡ ᠳ᠋ᠤ ᠨᠠᠢᠮᠠᠨ ‍ᠤ ᠲᠠᠮᠠᠭᠠᠴᠢ ᠲᠦᠰᠢᠮᠡᠯ ᠠᠭᠰᠠᠨ ᠲᠠᠲᠠᠳᠤᠡᠭᠭ᠎ᠠ ᠤᠯᠵᠠᠯᠠᠭᠳᠠᠪᠠ ᠃ ᠲᠡᠭᠦᠨ ‍ᠤ ᠬᠠᠮᠤᠭ ‍ᠤᠨ ᠲᠤᠮᠤ ᠵᠢᠳᠬᠦᠯ ᠭᠡᠪᠡᠯ ᠤᠶᠢᠭᠤᠷ ᠦᠰᠦᠭ ‍ᠤᠨ ᠰᠠᠭᠤᠷᠢᠨ ᠳᠡᠭᠡᠷ᠎ᠡ ᠤᠶᠢᠭᠤᠷᠵᠢᠨ ᠮᠤᠡᠭᠭᠤᠯ ᠦᠰᠦᠭ ‍ᠢ ᠪᠤᠯᠪᠠᠰᠤᠷᠠᠭᠤᠯᠤᠨ ᠳᠡᠯᠭᠡᠷᠡᠬᠦᠯᠦᠭᠰᠡᠨ ᠶᠠᠪᠤᠳᠠᠯ ᠪᠤᠯᠬᠤ ᠶᠤᠮ ᠃ ᠲᠠᠲᠠᠳᠤᠡᠭᠭ᠎ᠠ ᠪᠤᠯ ᠡᠤᠤᠯ ‍ᠤᠨ ᠨᠠᠢᠮᠠᠨ ᠠᠶᠢᠮᠠᠭ ‍ᠤᠨ ᠲᠠᠶᠠᠡᠭ ᠬᠠᠨ ‍ᠤ ᠲᠠᠮᠠᠭᠠᠴᠢ ᠲᠦᠰᠢᠮᠡᠯ ᠪᠠᠶᠢᠭᠰᠠᠨ ᠠᠭᠠᠳ ᠤᠯᠵᠠᠯᠠᠭᠲᠠᠭᠰᠠᠨ ‍ᠤ ᠳᠠᠷᠠᠭ᠎ᠠ ᠮᠦᠨ ᠲᠠᠮᠠᠭ᠎ᠠ ᠪᠠᠨ ᠰᠠᠬᠢᠭᠰᠠᠭᠠᠷ ᠪᠠᠶᠢᠪᠠ ᠃ ᠴᠢᠡᠭᠬᠢᠰ ᠬᠠᠭᠠᠨ ᠲᠡᠭᠦᠨ ‍ᠤ ᠲᠦᠷᠦ ᠬᠦᠷᠦᠨ ᠳ᠋ᠡᠭᠡᠨ ᠦᠨᠡᠡᠴᠢ ᠰᠢᠳᠤᠷᠭᠤ ᠪᠠᠶᠢᠭ᠎ᠠ ᠶ᠋ᠢ ᠦᠵᠡᠭᠡᠳ ᠶᠡᠭᠡᠳᠡ ᠪᠠᠬᠠᠷᠬᠠᠵᠤ ᠂ ᠵᠠᠷᠯᠢᠭ ᠢᠶᠠᠷ ᠲᠡᠭᠦᠨ ‍ᠢ ᠮᠤᠡᠭᠭᠤᠯ ᠤᠯᠤᠰ ‍ᠤᠨ ᠪᠢᠴᠢᠭ ᠲᠠᠮᠠᠭ᠎ᠠ ᠶ᠋ᠢ ᠬᠠᠮᠢᠶᠠᠷᠠᠭᠣᠯᠵᠣ ᠂ ᠮᠦᠨ ᠲᠡᠭᠦᠨ ‍ᠢ ᠵᠠᠷᠯᠢᠭᠳᠠᠨ ᠬᠠᠭᠠᠨ ‍ᠤ ᠬᠦᠪᠡᠬᠦᠳ ᠬᠢᠭᠡᠳ ᠢᠵᠠᠭᠤᠷᠲᠠᠳ ᠲᠤ ᠤᠶᠢᠭᠤᠷᠵᠢᠨ ᠮᠤᠡᠭᠭᠤᠯ ᠦᠰᠦᠭ ᠵᠢᠭᠠᠯᠭᠠᠵᠠᠢ ᠃ ᠮᠤᠡᠭᠭᠤᠯᠴᠤᠳ ᠲᠡᠭᠦᠨ ᠡᠴᠠ ᠠᠪᠤᠭᠠᠳ ᠤᠶᠢᠭᠤᠷᠵᠢᠨ ᠮᠤᠡᠭᠭᠤᠯ ᠦᠰᠦᠭ ‍ᠢ ᠬᠡᠷᠡᠭᠯᠡᠵᠦ ᠪᠠᠶᠢᠨ᠎ᠠ ᠃ ᠡᠨᠡ ᠪᠤᠯ ᠡᠳᠦᠭᠡ ᠪᠤᠯᠲᠠᠯ᠎ᠠ ᠭᠡᠷᠡᠭᠯᠡᠭᠳᠡᠵᠦ ᠪᠠᠶᠢᠭ᠎ᠠ ᠤᠶᠢᠭᠤᠷᠵᠢᠨ ᠮᠤᠡᠭᠭᠤᠯ ᠦᠰᠦᠭ ‍ᠤᠨ ᠲᠤᠭᠲᠠᠮ ᠪᠠᠶᠢᠭ᠎ᠠ ᠪᠢᠯᠨ ᠃
     ᠲᠠᠲᠠᠳᠤᠡᠭᠭ᠎ᠠ ᠶ᠋ᠢᠨ ᠪᠤᠯᠪᠠᠰᠤᠷᠠᠭᠤᠯᠤᠨ ᠲᠡᠬᠦᠯᠳᠡᠷᠵᠢᠬᠦᠯᠦᠭᠰᠡᠨ ᠮᠤᠡᠭᠭᠤᠯ ᠦᠰᠦᠭ ᠪᠢᠴᠢᠭ ᠨᠢ ᠮᠤᠡᠭᠭᠤᠯ ᠦᠡᠳᠦᠰᠦᠲᠡᠨ ‍ᠤ ᠤᠯᠤᠰ ᠲᠦᠷᠦ ᠂ ᠠᠵᠤ ᠠᠬᠤᠢ ᠂ ᠴᠡᠷᠢᠭ ‍ᠤᠨ ᠶᠠᠪᠤᠳᠠᠯ ‍ᠤᠨ ᠬᠦᠭᠵᠢᠯᠲᠡ ᠶ᠋ᠢᠨ ᠱᠠᠭᠠᠷᠳᠠᠯᠭ᠎ᠠ ᠡᠴᠠ ᠪᠣᠯᠵᠣ ᠂ ᠴᠢᠡᠭᠬᠢᠰ ᠬᠠᠭᠠᠨ ᠲᠡᠭᠦᠨ ᠡᠴᠠ ᠠᠪᠤᠭᠠᠳ ᠦᠪᠡᠷ ‍ᠤᠨ ᠦᠡᠳᠦᠰᠦᠲᠡᠨ ‍ᠤ ᠦᠰᠦᠭ ᠪᠢᠴᠢᠭ ᠢᠶᠠᠷ ᠢᠶᠡᠨ ᠵᠠᠷᠯᠢᠭ ᠪᠠᠭᠤᠯᠭᠠᠳᠠᠭ ᠪᠣᠯᠵᠣ ᠂ ᠮᠦᠨ ᠮᠤᠡᠭᠭᠤᠯ ᠲᠦᠰᠢᠮᠡᠳ ᠤᠶᠢᠭᠤᠷᠵᠢᠨ ᠦᠰᠦᠭ ᠪᠢᠴᠢᠭ ᠢᠶᠠᠷ ᠡᠷᠦᠭᠡ ᠠᠮᠨᠨ ᠲᠠᠡᠭᠰᠠ ᠂ ᠬᠡᠷᠡᠭ ᠵᠠᠷᠭᠤ ᠂ ᠴᠠᠭᠠᠵᠨ ᠬᠠᠤᠯᠢ ᠪᠠᠨ ᠪᠢᠴᠢᠵᠦ ᠲᠡᠮᠳᠡᠭᠯᠡᠳᠡᠭ ᠪᠤᠯᠵᠠᠢ ᠃ ᠲᠡᠭᠦᠡᠴᠢᠯᠡᠨ ᠮᠤᠡᠭᠭᠤᠯ ᠴᠡᠷᠢᠭ ‍ᠤᠨ ᠳᠤᠮᠳᠠ 《 ᠪᠢᠴᠢᠭᠡᠴᠢ 》 ᠭᠡᠵᠤ ᠭᠠᠷᠭᠠᠪᠠ ᠃ ᠮᠤᠡᠭᠭᠤᠯ ᠦᠰᠦᠭ ᠪᠢᠴᠢᠭ ‍ᠤᠨ ᠪᠤᠢ ᠪᠤᠯᠤᠭᠰᠠᠨ ᠨᠢ ᠮᠤᠡᠭᠭᠤᠯᠴᠤᠳ ‍ᠤᠨ ᠬᠠᠷᠢᠯᠴᠠᠨ ᠪᠦᠯᠬᠦᠮᠳᠡᠬᠦ ᠂ ᠠᠮᠤᠷ ᠲᠤᠭᠲᠠᠭᠤᠨ ᠪᠠᠶᠢᠬᠤ ᠬᠢᠭᠡᠳ ᠬᠦᠴᠦᠨ ᠢᠶᠡᠨ ᠨᠢᠭᠲᠠᠷᠠᠭᠤᠯᠬᠤ ᠳ᠋ᠤ ᠴᠢᠬᠤᠯᠨ ᠦᠢᠯᠡᠳᠦᠯ ᠦᠵᠡᠬᠦᠯᠵᠦ ᠂ ᠡᠬᠦᠨ ‍ᠤ ᠬᠠᠮᠳᠤ ᠮᠤᠡᠭᠭᠤᠯ ᠰᠤᠶᠤᠯ ‍ᠤᠨ ᠬᠦᠭᠵᠢᠯᠲᠠ ᠳ᠋ᠤ ᠮᠠᠰᠢ ᠰᠠᠶᠢᠨ ᠰᠠᠭᠤᠷᠢ ᠲᠠᠯᠪᠢᠵᠦ ᠦᠭᠴᠠᠢ ᠃

   ᠮᠤᠡᠭᠭᠤᠯ ᠦᠰᠦᠭ ᠪᠢᠴᠢᠭ ‍ᠢ ᠪᠤᠯᠪᠠᠰᠤᠷᠠᠭᠤᠯᠤᠨ ᠲᠦᠭᠡᠮᠡᠯᠵᠢᠬᠦᠯᠦᠭᠰᠡᠨ ᠨᠢ ᠶᠡᠭᠡ ᠮᠤᠡᠭᠭᠤᠯ ᠤᠯᠤᠰ ‍ᠤᠨ ᠲᠡᠤᠭᠡᠨ ᠳ᠋ᠤ ᠶᠡᠭᠡᠭᠡᠨ ᠨᠦᠯᠦᠭᠡ ᠦᠵᠡᠬᠦᠯᠪᠡ ᠃ ᠲᠠᠲᠠᠳᠤᠡᠭᠭ᠎ᠠ ᠤᠶᠢᠭᠤᠷᠵᠢᠨ ᠮᠤᠡᠭᠭᠤᠯ ᠦᠰᠦᠭ ‍ᠢ ᠪᠤᠯᠪᠠᠰᠤᠷᠠᠭᠤᠯᠤᠨ ᠳᠡᠯᠭᠡᠷᠡᠭᠦᠯᠦᠭᠰᠡᠨ ‍ᠤ 30 ᠵᠢᠯ ‍ᠤᠨ ᠳᠠᠷᠠᠭ᠎ᠠ ᠮᠤᠡᠭᠭᠤᠯ ᠲᠡᠤᠭᠡ ᠶ᠋ᠢ ᠲᠤᠰᠬᠠᠭᠰᠠᠨ ᠠᠪᠤᠷᠭᠤ ᠪᠦᠲᠦᠭᠡᠯ 《 ᠮᠤᠡᠭᠭᠤᠯ ‍ᠤᠨ ᠨᠢᠭᠤᠴᠠ ᠲᠤᠪᠴᠢᠶᠠᠨ 》 ᠲᠤᠭᠤᠷᠪᠢᠭᠳᠠᠵᠤ ᠂ ᠴᠢᠡᠭᠬᠢᠰ ᠬᠠᠭᠠᠨ ᠴᠤ 《 ᠶᠡᠭᠡ ᠵᠠᠰᠠᠭ 》 ᠬᠢᠭᠡᠳ 《 ᠬᠦᠭᠡ ᠲᠡᠪᠲᠡᠷ 》 ᠢᠶᠡᠨ ᠦᠰᠦᠭ ᠪᠢᠴᠢᠭ ‍ᠤᠨ ᠬᠡᠯᠪᠡᠷᠢ ᠪᠠᠷ ᠲᠤᠡᠭᠬᠠᠭᠯᠠᠬᠤ ᠪᠤᠯᠪᠠ ᠃ 13 — 15 ᠳ᠋ᠤᠭᠠᠷ ᠵᠠᠭᠤᠨ ‍ᠤ ᠬᠤᠭᠤᠷᠤᠡᠳᠤ ᠠᠽᠢᠶ᠎ᠠ ᠡᠸᠦᠷᠦ᠋ᠫᠠ ᠶ᠋ᠢ ᠰᠤᠡᠲᠠᠯᠠᠭᠰᠠᠨ ᠠᠯᠲᠠᠨ ᠤᠷᠳᠤᠳᠤ ᠬᠠᠭᠠᠡᠳᠤ ᠤᠯᠤᠰ ᠂ ᠴᠠᠭᠠᠲᠠᠢ ᠬᠠᠭᠠᠡᠳᠤ ᠤᠯᠤᠰ ᠂ ᠦᠭᠡᠲᠡᠢ ᠬᠠᠭᠠᠡᠳᠤ ᠤᠯᠤᠰ ᠂ ᠢᠯ ᠬᠠᠭᠠᠡᠳᠤ ᠤᠯᠤᠰ ᠬᠢᠭᠡᠳ ᠲᠡᠮᠦᠷ ᠬᠠᠭᠠᠡᠳᠤ ᠤᠯᠤᠰ ᠨᠢ ᠪᠦᠷ ᠤᠶᠢᠭᠤᠷᠵᠢᠨ ᠮᠤᠡᠭᠭᠤᠯ ᠦᠰᠦᠭ ‍ᠢ ᠲᠦᠷᠦ ᠶ᠋ᠢᠨ ᠪᠢᠴᠢᠭ ᠪᠤᠯᠭᠠᠨ ᠭᠡᠷᠡᠭᠯᠡᠬᠦ ᠪᠤᠯᠵᠠᠢ ᠃ 16 ᠳ᠋ᠤᠭᠠᠷ ᠵᠠᠭᠤᠨ ᠳ᠋ᠤ ᠡᠨᠡ ᠬᠦ ᠤᠶᠢᠭᠤᠷᠵᠢᠨ ᠮᠤᠡᠭᠭᠤᠯ ᠦᠰᠦᠭ ‍ᠤᠨ ᠰᠠᠭᠤᠷᠢᠨ ᠳᠡᠭᠡᠷ᠎ᠡ ᠮᠠᠡᠵᠤ ᠦᠰᠦᠭ ᠂ ᠰᠢᠪᠡᠭᠡ ᠦᠰᠦᠭ ᠵᠤᠬᠢᠶᠠᠭᠳᠠᠵᠤ ᠂ ᠳᠤᠮᠳᠠᠳᠤ ᠤᠯᠤᠰ ‍ᠤᠨ ᠴᠦᠭᠡᠨ ᠲᠤᠭᠠᠳᠤ ᠦᠡᠳᠦᠰᠦᠲᠡᠨ ‍ᠤ ᠳᠤᠮᠳᠠ ᠭᠡᠷᠡᠭᠯᠡᠭᠳᠡᠬᠦ ᠪᠤᠯᠤᠭᠰᠠᠨ ᠪᠠᠶᠢᠨ᠎ᠠ ᠃ ᠡᠷᠲᠡᠨ ‍ᠤ ᠤᠶᠢᠭᠤᠷᠵᠢᠨ ᠮᠤᠡᠭᠭᠤᠯ ᠦᠰᠦᠭ ᠨᠢ 14 ᠳ᠋ᠤᠭᠡᠷ ᠵᠠᠭᠤᠨ ‍ᠤ ᠡᠬᠢ ᠪᠠᠷ ᠤᠯᠠᠮ ᠢᠶᠠᠷ ᠦᠭᠡᠷᠡᠴᠢᠯᠡᠭᠳᠡᠨ ᠲᠡᠬᠦᠯᠳᠡᠷᠵᠢᠵᠦ ᠂ ᠪᠢᠴᠢᠬᠦ ᠂ ᠤᠡᠭᠰᠢᠬᠤ ᠪᠠ ᠬᠡᠯᠡᠨ ᠵᠦᠢ ᠶ᠋ᠢᠨ ᠤᠨᠤᠪᠴᠢ ᠨᠢ ᠨᠡᠡᠭᠳᠡ ᠰᠠᠶᠢᠵᠢᠷᠠᠭᠰᠠᠨ ᠢᠶᠠᠷ ᠮᠤᠡᠭᠭᠤᠯᠴᠤᠳ ᠡᠳᠦᠭᠡ ᠪᠤᠯᠲᠠᠯ᠎ᠠ ᠭᠡᠷᠡᠭᠯᠡᠭᠰᠡᠭᠡᠷ ᠢᠷᠡᠵᠦ ᠂ ᠡᠳᠦᠭᠡ 800 ᠭᠠᠷᠤᠢ ᠵᠢᠯ ‍ᠤᠨ ᠲᠡᠤᠭᠡ ᠲᠠᠢ ᠪᠤᠯᠵᠠᠢ ᠃ ᠲᠠᠲᠠᠳᠤᠡᠭᠭ᠎ᠠ ᠶ᠋ᠢᠨ ᠪᠤᠯᠪᠠᠰᠤᠷᠠᠭᠤᠯᠤᠨ ᠳᠡᠯᠭᠡᠷᠡᠬᠦᠯᠦᠭᠰᠡᠨ ᠤᠶᠢᠭᠤᠷᠵᠢᠨ ᠮᠤᠡᠭᠭᠤᠯ ᠦᠰᠦᠭ ᠨᠢ ᠳᠤᠮᠳᠠᠳᠤ ᠤᠯᠤᠰ ᠬᠢᠭᠡᠳ ᠳᠡᠯᠡᠬᠡᠢ ᠨᠡᠶᠢᠳᠡ ᠳ᠋ᠤ ᠮᠠᠰᠢ ᠬᠦᠨ ᠬᠦᠡᠵᠡᠬᠡᠢ ᠨᠦᠯᠦᠭᠡ ᠦᠵᠡᠬᠦᠯᠦᠭᠰᠡᠨ ᠪᠠᠶᠢᠨ᠎ᠠ ᠃

              

    ᠲᠠᠲᠠᠳᠤᠡᠭᠭ᠎ᠠ ᠨᠡᠷᠡᠮᠵᠢᠳᠦ ᠮᠤᠡᠭᠭᠤᠯ ᠦᠰᠦᠭ ᠪᠢᠴᠢᠭ ‍ᠤᠨ ᠮᠦᠽᠸᠢ ᠪᠠᠶᠢᠭᠤᠯᠤᠭᠲᠠᠭᠰᠠᠨ ᠨᠢ ᠤᠮᠠᠷᠠᠳᠤ ᠶ᠋ᠢᠨ ᠡᠯ᠎ᠡ ᠦᠡᠳᠦᠰᠦᠲᠡᠨ ‍ᠤ ᠦᠭᠡ ᠬᠡᠯᠨ ᠦᠰᠦᠭ ᠪᠢᠴᠢᠭ ‍ᠤᠨ ᠰᠤᠳᠤᠯᠭᠠᠨ ᠳ᠋ᠤ ᠰᠤᠷᠤᠯᠴᠠᠬᠤ ᠂ ᠰᠤᠯᠢᠯᠴᠠᠬᠤ ᠂ ᠰᠦᠪᠡᠭᠴᠢᠯᠡᠬᠦ‍ ᠲᠠᠪᠴᠠᠡᠭ ᠬᠠᠡᠭᠭᠠᠵᠠᠢ ᠃ 《 ᠲᠠᠲᠠᠳᠤᠡᠭᠭ᠎ᠠ ᠨᠡᠷᠡᠮᠵᠢᠳᠦ ᠮᠤᠡᠭᠭᠤᠯ ᠦᠰᠦᠭ ᠪᠢᠴᠢᠭ ‍ᠤᠨ ᠮᠦᠽᠸᠢ ᠪᠠᠶᠢᠭᠤᠯᠤᠭᠲᠠᠭᠰᠠᠨ ᠨᠢ ᠡᠷᠳᠡᠮ ᠰᠢᠡᠵᠢᠯᠡᠭᠡᠨ ‍ᠤ ᠦᠨ᠎ᠡ ᠦᠷᠲᠡᠭ ᠲᠠᠢ ᠮᠦᠷᠲᠡᠭᠡᠨ ᠨᠡᠶᠢᠭᠡᠮ ᠰᠤᠶᠤᠯ ‍ᠤᠨ ᠦᠨ᠎ᠡ ᠦᠷᠲᠡᠭ ᠲᠠᠢ ᠪᠠᠶᠢᠭ᠎ᠠ ᠪᠢᠯᠨ 》 ᠃ ᠮᠤᠡᠭᠭᠤᠯ ᠭᠡᠯᠨ ᠰᠤᠶᠤᠯ ‍ᠤᠨ ᠡᠷᠲᠡᠮ ᠰᠢᠡᠵᠢᠯᠡᠭᠡᠨ ‍ᠤ ᠰᠤᠳᠤᠯᠤᠨ ᠶᠠᠷᠢᠯᠴᠠᠬᠤ ᠬᠤᠷᠠᠯ ᠳᠡᠭᠡᠷ᠎ᠡ ᠦᠪᠦᠷ ᠮᠤᠡᠭᠭᠤᠯ ‍ᠤᠨ ᠶᠡᠭᠡ ᠰᠤᠷᠭᠠᠭᠤᠯᠢ ᠶ᠋ᠢᠨ ᠤᠯᠠᠨ ᠤᠯᠤᠰ ‍ᠤᠨ ᠰᠤᠷᠭᠠᠨ ᠬᠦᠮᠦᠵᠢᠯ ‍ᠤᠨ ᠳᠡᠭᠡᠳᠦ ᠰᠤᠷᠭᠠᠭᠤᠯᠢ ᠶ᠋ᠢᠨ ᠵᠠᠬᠢᠷᠤᠯ ᠂ ᠮᠤᠡᠭᠭᠤᠯ ᠰᠤᠳᠤᠯᠤᠯ ‍ᠤᠨ ᠳᠡᠭᠡᠳᠦ ᠰᠤᠷᠭᠠᠭᠤᠯᠢ ᠶ᠋ᠢᠨ ᠫᠷᠤᠹᠸᠰᠰᠤᠷ ᠂ ᠳ᠋ᠤᠺᠲ᠋ᠤᠷᠠᠡᠲ ‍ᠤᠨ ᠵᠢᠯᠤᠭᠤᠳᠤᠭᠴᠢ ᠪᠠᠭᠰᠢ ᠪᠠᠳᠮᠠᠡᠤᠳᠰᠠᠷ ᠡᠴᠠ ᠄ 《 ᠮᠦᠽᠸᠢ ᠪᠠᠶᠢᠭᠤᠯᠤᠭᠲᠠᠭᠰᠠᠨ ᠨᠢ ᠦᠡᠳᠦᠰᠦᠲᠡᠨ ‍ᠤ ᠪᠤᠲᠠᠰ ‍ᠤᠨ ᠪᠤᠰᠤ ᠰᠤᠶᠤᠯ ‍ᠤᠨ ᠦᠪ ‍ᠢ ᠬᠠᠮᠠᠭᠠᠯᠠᠨ ᠤᠯᠠᠮᠵᠢᠯᠠᠬᠤ ᠳ᠋ᠤ ᠲᠠᠪᠴᠠᠡᠭ ᠬᠠᠡᠭᠭᠠᠵᠦ ᠂ ᠤᠮᠠᠷᠠᠳᠤ ᠶ᠋ᠢᠨ ᠡᠯ᠎ᠡ ᠦᠡᠳᠦᠰᠦᠲᠡᠨ ‍ᠤ ᠦᠭᠡ ᠬᠡᠯᠨ ᠦᠰᠦᠭ ᠪᠢᠴᠢᠭ ‍ᠤᠨ ᠴᠢᠬᠤᠯᠨ ᠰᠠᠭᠤᠷᠢᠨ ᠭᠠᠵᠠᠷ ‍ᠤᠨ ᠨᠢᠭᠡᠨ ᠪᠣᠯᠵᠣ ᠂ ᠮᠤᠡᠭᠭᠤᠯ ᠦᠰᠦᠭ ᠪᠢᠴᠢᠭ ‍ᠤᠨ ᠲᠡᠤᠭᠡ ᠶ᠋ᠢ ᠰᠤᠳᠤᠯᠬᠤ ᠳ᠋ᠤ ᠠᠭᠤᠳᠠᠮ ᠤᠷᠤᠨ ᠵᠠᠢ ᠬᠠᠩᠭᠠᠨ ᠦᠭᠴᠦ ᠂ ᠡᠬᠦᠨ ‍ᠤ ᠬᠠᠮᠳᠤ ︿ ᠨᠢᠭᠡ ᠪᠦᠰᠡ ᠨᠢᠭᠡ ᠵᠠᠮ ﹀ ‍ᠤᠨ ᠳᠠᠭᠠᠤ ᠤᠯᠤᠰ ᠤᠷᠤᠨ ‍ᠤ ᠦᠭᠡ ᠬᠡᠯᠨ ᠦᠰᠦᠭ ᠪᠢᠴᠢᠭ ‍ᠤᠨ ᠰᠤᠶᠤᠯ ‍ᠤᠨ ᠰᠤᠳᠤᠯᠭᠠᠨ ‍ᠤ ᠲᠠᠯ᠎ᠠ ᠪᠠᠷ ᠠᠯᠤᠰ ᠭᠡᠳᠦ ᠶ᠋ᠢᠨ ᠠᠴᠢ ᠬᠤᠯᠪᠤᠭᠳᠠᠯ ᠲᠠᠢ ᠃ ᠡᠷᠲᠡᠨ ‍ᠤ ᠮᠤᠡᠭᠭᠤᠯ ᠨᠤᠮ ᠪᠢᠴᠢᠭ ‍ᠢ ᠴᠤᠭᠯᠠᠭᠤᠯᠤᠨ ᠡᠮᠬᠢᠳᠭᠡᠵᠦ ᠂ ᠤᠯᠠᠮᠵᠢᠯᠠᠨ ᠬᠠᠮᠠᠭᠠᠯᠠᠵᠤ ᠂ ᠲᠡᠭᠦᠨ ‍ᠤ ᠲᠤᠳᠤᠷᠠᠬᠢ ᠦᠡᠳᠦᠰᠦᠲᠡᠨ ‍ᠤ ᠪᠦᠯᠬᠦᠮᠳᠡᠯ ‍ᠤᠨ ᠦᠵᠡᠯ ᠰᠠᠨᠠᠭ᠎ᠠ ᠤᠴᠢᠷ ᠠᠭᠤᠯᠭ᠎ᠠ ᠶ᠋ᠢ ᠠᠭᠤᠳᠠᠯᠯᠠᠨ ᠳᠡᠯᠭᠡᠷᠡᠬᠦᠯᠬᠦ ᠳ᠋ᠤ ᠴᠢᠬᠤᠯᠨ ᠠᠴᠢ ᠬᠤᠯᠪᠤᠭᠳᠠᠯ ᠲᠠᠢ ᠃ ᠮᠤᠡᠭᠭᠤᠯ ᠦᠭᠡ ᠬᠡᠯᠨ ᠦᠰᠦᠭ ᠪᠢᠴᠢᠭ ‍ᠢ ᠬᠠᠮᠠᠭᠠᠯᠠᠵᠤ ᠤᠯᠠᠮᠵᠢᠯᠠᠬᠤ ᠪᠠ ᠭᠡᠷᠡᠭᠯᠡᠨ ᠬᠦᠭᠵᠢᠬᠦᠯᠬᠦ ᠳ᠋ᠤ ᠠᠯᠤᠰ ᠭᠡᠳᠦ ᠶ᠋ᠢᠨ ᠠᠴᠢ ᠬᠤᠯᠪᠤᠭᠳᠠᠯ ᠲᠠᠢ 》 ᠭᠡᠵᠤ ᠶᠠᠷᠢᠵᠠᠢ ᠃

    

     ᠲᠠᠲᠠᠲᠣᠩᠭ᠎ᠠ ᠨᠡᠷᠡᠮᠵᠢᠳᠦ ᠮᠣᠩᠭᠣᠯ ᠦᠰᠦᠭ ᠪᠢᠴᠢᠭ ᠦᠨ ᠮᠦᠽᠧᠢ ᠨᠢ ᠨᠠᠢᠮᠠᠨ ᠬᠣᠰᠢᠭᠣᠨ ᠤ ᠸᠠᠩ ᠤᠨ  ᠬᠣᠷᠢᠶᠠᠨ ᠳ᠋ᠤ ᠪᠠᠶᠢᠷᠢᠰᠢᠵᠣ ᠂ ᠪᠠᠷᠢᠯᠭ᠎ᠠ ᠶ᠋ᠢᠨ ᠪᠦᠬᠦ ᠲᠠᠯᠠᠪᠠᠢ 1148 ᠲᠡᠭᠰᠢ ᠲᠦᠷᠪᠡᠯᠵᠢᠨ ᠮᠸᠲ᠋ᠷ ᠂ ᠦᠵᠡᠭᠦᠯᠦᠯᠭᠡ ᠶ᠋ᠢᠨ ᠲᠢᠩᠭᠢᠮ ᠦᠨ ᠶᠡᠷᠥᠩᠬᠡᠢ ᠲᠠᠯᠠᠪᠠᠢ ᠨᠢ 252 ᠲᠡᠭᠰᠢ ᠲᠦᠷᠪᠡᠯᠵᠢᠨ ᠮᠸᠲ᠋ᠷ ᠪᠠᠶᠢᠵᠣ ᠂ ᠮᠦᠽᠸᠢ ᠳ᠋ᠤ ᠬᠠᠲᠠᠭᠠᠯᠠᠵᠤ ᠪᠦᠬᠦᠢ ᠲᠡᠤᠭᠡᠨ ᠳᠤᠷᠠᠰᠬᠠᠯᠳᠤ ᠪᠤᠲᠠᠰ ᠬᠢᠭᠡᠳ ᠪᠢᠴᠢᠭ ᠰᠠᠯᠲᠠ 500 ᠭᠠᠷᠤᠢ ᠪᠤᠢ ᠃ ᠲᠡᠷᠨ ᠨᠢ ᠬᠤᠷᠢᠶᠠᠨ ᠬᠠᠲᠠᠭᠠᠯᠠᠬᠤ ᠂ ᠳᠡᠯᠭᠡᠨ ᠦᠵᠡᠬᠦᠯᠬᠦ ᠂ ᠰᠤᠳᠤᠯᠬᠤ ᠂ ᠰᠤᠯᠢᠯᠴᠠᠬᠤ ᠶ᠋ᠢ ᠤᠶᠠᠯᠳᠤᠭᠤᠯᠤᠭᠰᠠᠨ ᠮᠤᠡᠭᠭᠤᠯ ᠦᠰᠦᠭ ᠪᠢᠴᠢᠭ ‍ᠤᠨ ᠲᠤᠰᠬᠠᠢ ᠮᠦᠽᠸᠢ ᠪᠤᠯᠬᠤ ᠶᠤᠮ ᠃ ᠶᠡᠷᠦᠩᠬᠡᠢ ᠣᠷᠣᠰᠢᠯ ᠤᠨ ᠲᠠᠩᠭᠢᠮ  ᠂ 《 ᠡᠷᠡᠨ ᠵᠠᠭᠣᠨ ᠤ  ᠣᠷᠴᠢᠯ  》 ᠨᠡᠷᠡᠮᠵᠢᠲᠦ  ᠪᠠᠷᠠᠭᠣᠨ ᠭᠠᠷᠣᠨ ᠲᠢᠩᠬᠢᠮ ᠂ 《 ᠬᠦᠬᠡ ᠮᠦᠩᠬᠡ ᠲᠡᠭᠷᠢ 》 ᠨᠡᠷᠡᠮᠵᠢᠲᠦ ᠭᠣᠣᠯ ᠲᠢᠩᠬᠢᠮ ᠂ 《 ᠬᠣᠭᠣᠷ ᠴᠣᠭᠣᠷ ᠤᠨ ᠠᠶᠠᠯᠭᠣ 》 ᠨᠡᠷᠡᠮᠵᠢᠲᠦ ᠵᠡᠭᠦᠨ ᠭᠠᠷᠣᠨ ᠲᠢᠩᠬᠢᠮ ᠪᠠ 《 ᠬᠣᠷ ᠠᠭᠰᠠᠭᠰᠠᠨ ᠬᠣᠷᠢᠨ ᠰᠡᠴᠡᠳ 》 ᠨᠡᠷᠡᠮᠵᠢᠲᠦ ᠬᠡᠷᠡᠮ ᠳᠠᠭᠠᠭᠰᠠᠨ ᠭᠦᠳᠦᠭᠡᠷ ᠰᠡᠶᠢᠯᠦᠮᠡᠯ ᠦᠨ ᠦᠵᠡᠮᠵᠢ ᠂ 《 ᠮᠦᠩᠬᠡ ᠣᠷᠣᠰᠢᠬᠣ ᠮᠣᠩᠭᠣᠯ ᠪᠢᠴᠢᠭ 》 ᠨᠡᠷᠡᠮᠵᠢᠲᠦ ᠴᠢᠯᠠᠭᠣᠨ ᠬᠦᠰᠢᠶ᠎ᠡ ᠶ᠋ᠢᠨ ᠦᠵᠡᠮᠵᠢ ᠵᠡᠷᠭᠡ ᠳᠦᠷᠪᠡᠨ ᠲᠢᠩᠬᠢᠮ ᠬᠣᠶᠠᠷ ᠦᠵᠡᠮᠵᠢ ᠪᠠᠷ ᠪᠦᠷᠢᠯᠳᠦᠵᠡᠢ ᠃

    

     ᠶᠡᠷᠦᠩᠬᠡᠢ ᠣᠷᠣᠰᠢᠯ ᠤᠨ ᠲᠢᠩᠭᠢᠮ ᠳ᠋ᠦ ᠮᠣᠩᠭᠣᠯ ᠬᠢᠲᠠᠳ ᠬᠣᠶᠠᠷ ᠬᠡᠯᠡ ᠪᠡᠷ ᠣᠷᠣᠰᠢᠯ ᠲᠣᠭᠣᠷᠪᠢᠵᠣ ᠂ ᠣᠮᠠᠷᠠᠲᠣ ᠶ᠋ᠢᠨ ᠦᠨᠳᠦᠰᠦᠲᠡᠨ ᠨᠦᠭᠥᠳ ᠪᠠ ᠮᠣᠩᠭᠣᠯ ᠲᠣᠭᠣᠷᠭᠠᠲᠠᠨ ᠤ ᠵᠣᠬᠢᠶᠠᠭᠰᠠᠨ ᠪᠣᠶᠣ ᠬᠡᠷᠡᠭᠯᠡᠭᠰᠡᠨ ᠲᠠᠪᠣᠨ ᠶᠡᠬᠡ ᠰᠢᠰᠲ᠋ᠧᠮ ᠦᠨ ᠬᠣᠷᠢᠭᠠᠳ ᠵᠦᠢᠯ ᠦᠨ ᠦᠰᠦᠭ ᠪᠢᠴᠢᠭ ᠢ ᠲᠣᠪᠴᠢ ᠲᠠᠨᠢᠯᠴᠠᠭᠣᠯᠣᠭᠰᠠᠨ ᠪᠦᠭᠡᠳ ᠮᠣᠩᠭᠣᠯ ᠵᠢᠷᠣᠭ ᠪᠠ ᠠᠷᠠᠰᠣᠨ ᠰᠡᠶᠢᠯᠦᠮᠡᠯ ᠵᠡᠷᠭᠡ ᠪᠡᠷ ᠴᠢᠩᠭᠢᠰ ᠬᠠᠭᠠᠨ ᠲᠠᠲᠠᠲᠥᠩᠭ᠎ᠠ ᠬᠤᠶᠠᠷ ‍ᠤᠨ ᠠᠭᠣᠯᠵᠠᠯᠲᠠ ᠂ ᠶᠡᠬᠡ ᠮᠣᠩᠭᠣᠯ ᠣᠯᠣᠰ ᠪᠠ ᠳᠦᠷᠪᠠᠨ ᠬᠠᠭᠠᠡᠳᠣ ᠣᠯᠣᠰ ᠤᠨ ᠬᠡᠪᠴᠢᠶᠡᠨ ᠳ᠋ᠥ ᠣᠶᠢᠭᠣᠷᠵᠢᠨ ᠪᠢᠴᠢᠭ ᠢ ᠳᠡᠯᠭᠡᠷᠡᠭᠦᠯᠦᠭᠰᠡᠨ ᠪᠠᠶᠢᠳᠠᠯ ᠢ ᠲᠣᠪᠣᠶᠢᠯᠭᠠᠨ ᠦᠵᠡᠭᠦᠯᠪᠡ ᠃

               


          

    《 ᠡᠷᠡᠨ ᠵᠠᠭᠣᠨ ᠤ ᠣᠷᠴᠢᠯ 》ᠨᠡᠷᠡᠮᠵᠢᠲᠦ ᠪᠠᠷᠠᠭᠣᠨ ᠭᠠᠷᠣᠨ ᠲᠢᠩᠭᠢᠮ ᠳ᠋ᠦ ᠭᠣᠣᠯᠳᠠᠭᠣ ᠡᠷᠲᠡᠨ ‍ᠤ ᠰᠢᠲᠦᠭ ( ᠶᠠᠡᠲᠠᠢ ) ᠂ ᠡᠷᠲᠡᠨ ‍ᠤ ᠴᠠᠭᠠᠰᠤ ᠳᠠᠷᠤᠬᠤ ᠱᠤᠭᠤᠮ ᠂ ᠡᠷᠲᠡᠨ ‍ᠤ ᠲᠠᠮᠠᠭ᠎ᠠ ᠂ ᠡᠷᠲᠡᠨ ‍ᠤ ᠲᠠᠡᠭᠭᠤᠳ ᠦᠰᠦᠭ ‍ᠤᠨ ᠵᠡᠰ ᠬᠡᠪ ᠵᠡᠷᠭᠡ ᠡᠷᠲᠡᠨ ‍ᠤ ᠦᠶ᠎ᠡ ᠶ᠋ᠢᠨ ᠤᠮᠠᠷᠠᠳᠤ ᠶ᠋ᠢᠨ ᠦᠡᠳᠦᠰᠦᠲᠡᠨ ‍ᠤ ᠪᠢᠴᠢᠭ ‍ᠤᠨ ᠦᠷᠦᠭᠡᠨ ‍ᠤ ᠬᠤᠪᠤᠷ ᠴᠤᠬᠠᠭ ᠬᠠᠭᠤᠴᠢ ᠭᠡᠷᠡᠭᠰᠡᠯ ᠪᠠ ᠬᠠᠮᠢᠶ᠎ᠠ ᠪᠦᠬᠦᠢ ᠵᠢᠷᠤᠭ ᠲᠦᠷᠰᠦ ᠶ᠋ᠢ ᠳᠡᠯᠭᠡᠨ ᠦᠵᠡᠬᠦᠯᠵᠦ ᠂ ᠦᠰᠦᠭ ᠪᠢᠴᠢᠭ ‍ᠤᠨ ᠠᠡᠭᠬᠠᠨ ‍ᠤ ᠲᠦᠷᠰᠦ ᠪᠤᠯᠤᠭᠰᠠᠨ ᠬᠠᠲᠠᠨ ᠵᠢᠷᠤᠭ ᠡᠴᠠ ᠲᠠᠷᠢᠬᠦᠯᠡᠨ ᠤᠮᠠᠷᠠᠳᠤ ᠶ᠋ᠢᠨ ᠦᠡᠳᠦᠰᠦᠲᠡᠨ ᠨᠦ᠋ᠭᠦᠳ ‍ᠤᠨ ᠭᠡᠷᠡᠭᠯᠡᠵᠦ ᠪᠠᠶᠢᠭᠰᠠᠨ ᠲᠠᠪᠤᠨ ᠶᠡᠭᠡ ᠰᠢᠰᠲ᠋ᠸᠮ ‍ᠤᠨ ᠦᠰᠦᠭ ‍ᠤᠳ ‍ᠢ ᠲᠠᠨᠢᠯᠴᠠᠭᠤᠯᠪᠠ ᠃

              


                


    《 ᠬᠦᠬᠡ ᠮᠦᠩᠬᠡ ᠲᠡᠭᠷᠢ 》 ᠨᠡᠷᠡᠮᠵᠢᠲᠦ ᠭᠣᠣᠯ ᠲᠢᠩᠭᠢᠮ ᠳ᠋ᠦ ᠂ ᠲᠠᠲᠠᠲᠣᠩᠭ᠎ᠠ ᠶ᠋ᠢᠨ ᠣᠶᠢᠭᠣᠷᠵᠢᠨ ᠦᠰᠦᠭ ‍ᠢ ᠪᠣᠯᠪᠠᠰᠣᠷᠠᠭᠣᠯᠣᠨ ᠵᠢᠩᠬᠢᠨᠢ ᠮᠤᠩᠭᠤᠯ ᠪᠢᠴᠢᠭ ᠪᠣᠯᠭᠠᠨ ᠂ ᠢᠵᠠᠭᠤᠷᠲᠠᠨ ‍ᠤ ᠬᠡᠣᠬᠡᠳ ᠳᠡᠬᠦᠦ ᠨᠠᠷ ᠲᠡᠷᠢᠭᠦᠲᠡᠨ ᠰᠣᠷᠬᠣ ᠨᠠᠰᠤᠨ ᠤ ᠬᠡᠣᠬᠡᠳ ᠲᠤ ᠵᠢᠭᠠᠨ ᠰᠣᠷᠭᠠᠵᠣ ᠂ ᠮᠣᠩᠭᠣᠯ ᠦᠰᠦᠭ ᠢ ᠤᠯᠤᠰ ᠲᠠᠶᠠᠭᠠᠷ ᠳᠡᠯᠭᠡᠷᠡᠭᠦᠯᠦᠭᠰᠡᠨ ᠭᠠᠪᠢᠶ᠎ᠠ ᠶᠢᠳᠬᠦᠯ ‍ᠢ ᠲᠣᠭᠠᠴᠢᠨ ᠂ ᠶᠡᠬᠡ ᠮᠣᠩᠭᠣᠯ ᠪᠠ ᠣᠮᠠᠷᠠᠲᠣ ᠶᠣᠸᠠᠨ ᠣᠯᠣᠰ ᠤᠨ ᠦᠶ᠎ᠡ ᠳ᠋ᠦ ᠪᠦᠲᠦᠭᠡᠭᠰᠡᠨ ᠪᠢᠴᠢᠭ ᠦᠨ ᠰᠣᠶᠣᠯ ᠤᠨ ᠭᠠᠶᠢᠬᠠᠮᠰᠢᠭ ᠢ ᠬᠠᠷᠠᠭᠣᠯᠪᠠ ᠃

             


                 

 

    

     《 ᠬᠣᠭᠣᠷ ᠴᠣᠭᠣᠷ ᠤᠨ ᠠᠶᠠᠯᠭᠣ 》 ᠨᠡᠷᠡᠮᠵᠢᠲᠦ ᠵᠡᠭᠦᠨ ᠭᠠᠷᠣᠨ ᠲᠢᠩᠭᠢᠮ ᠳ᠋ᠦ ᠂ ᠴᠢᠩ ᠣᠯᠣᠰ ᠪᠠ ᠢᠷᠭᠡᠨ ᠣᠯᠣᠰ ᠤᠨ ᠦᠶ᠎ᠡ ᠳ᠋ᠦ ᠵᠣᠬᠢᠶᠠᠨ ᠬᠡᠷᠡᠭᠯᠡᠭᠰᠡᠨ ᠦᠰᠦᠭ ᠪᠢᠴᠢᠭ ᠬᠢᠭᠡᠳ ᠣᠶᠢᠭᠣᠷᠵᠢᠨ ᠮᠣᠩᠭᠣᠯ ᠦᠰᠦᠭ ᠢ ᠦᠭᠡᠷᠡᠴᠢᠯᠡᠨ ᠰᠠᠶᠢᠵᠢᠷᠠᠭᠣᠯᠣᠭᠰᠠᠨ ᠶᠠᠪᠤᠳᠠᠯ ‍ᠢ ᠲᠣᠭᠠᠴᠢᠨ ᠂ ᠬᠣᠵᠢᠭᠤ ᠦᠶ᠎ᠡ ᠳ᠋ᠦ ᠪᠦᠲᠦᠭᠡᠭᠰᠡᠨ ᠪᠢᠴᠢᠭ ᠦᠨ ᠰᠣᠶᠣᠯ ᠤᠨ ᠰᠢᠨ᠎ᠡ ᠠᠮᠵᠢᠯᠲᠠ ᠶ᠋ᠢ ᠲᠣᠪᠴᠢ ᠲᠠᠨᠢᠯᠴᠠᠭᠣᠯᠪᠠ  ᠃ 

             

     《 ᠬᠤᠷ ᠠᠬᠰᠠᠭᠰᠠᠨ ᠬᠣᠷᠢᠨ ᠰᠡᠴᠡᠳ 》 ᠨᠡᠷᠡᠮᠵᠢᠲᠦ ᠬᠡᠷᠡᠮ ᠳᠠᠭᠠᠭᠰᠠᠨ ᠭᠦᠳᠦᠭᠡᠷ ᠰᠡᠶᠢᠯᠦᠮᠡᠯ ᠳ᠋ᠦ ᠲᠠᠲᠠᠲᠣᠩᠭ᠎ᠠ ᠂ ᠫᠠᠭᠪᠠ ᠂ ᠴᠣᠶᠢᠵᠢᠣᠳᠽᠠᠷ ᠵᠡᠷᠭᠡ ᠮᠣᠩᠭᠣᠯ ᠰᠣᠶᠣᠯ ᠤᠨ ᠲᠡᠣᠬᠡᠨ ᠳ᠋ᠤ ᠣᠨᠴᠠᠭᠠᠢ ᠭᠠᠪᠢᠶ᠎ᠠ ᠵᠢᠳᠭᠦᠯ ᠦᠵᠡᠭᠦᠯᠦᠭᠰᠡᠨ ᠬᠣᠷᠢᠨ ᠰᠡᠴᠡᠳ ᠢ ᠲᠠᠨᠢᠯᠴᠠᠭᠣᠯᠪᠠ ᠃

                  

     《 ᠮᠦᠩᠬᠡ ᠣᠷᠣᠰᠢᠬᠣ ᠮᠣᠩᠭᠣᠯ ᠪᠢᠴᠢᠭ 》 ᠨᠡᠷᠡᠮᠵᠢᠲᠦ ᠴᠢᠯᠠᠭᠣᠨ ᠬᠦᠰᠢᠶᠡᠨ ᠦᠵᠡᠮᠵᠢ ᠳ᠋ᠦ ᠪᠠᠶᠢᠭᠠᠯᠢᠯᠢᠭ ᠴᠢᠯᠠᠭᠣᠨ ᠰᠡᠶᠢᠯᠦᠮᠡᠯ ᠬᠦᠰᠢᠶ᠎ᠡ 24 ᠪᠣᠰᠬᠠᠵᠤ ( 4 ᠶᠡᠬᠡ ᠬᠦᠰᠢᠶ᠎ᠡ ᠂ 20 ᠪᠠᠭ᠎ᠠ ᠬᠦᠰᠢᠶ᠎ᠡ ) ᠂ ᠡᠷᠲᠡᠨ ᠦ ᠨᠡᠷᠡᠲᠦ ᠬᠦᠰᠢᠶᠡᠨ ᠪᠢᠴᠢᠭᠡᠰᠦ ᠪᠠ ᠰᠣᠩᠭᠣᠳᠠᠭ ᠵᠣᠬᠢᠶᠠᠯ ᠪᠦᠲᠦᠭᠡᠯ ᠦᠨ ᠠᠭᠣᠯᠭ᠎ᠠ ᠶ᠋ᠢ ᠰᠡᠶᠢᠯᠵᠠᠢ ᠃ ᠲᠡᠳᠡᠭᠡᠷ ᠨᠢ ᠰᠣᠶᠣᠯ ᠰᠤᠳᠤᠯᠤᠯ ᠪᠠ ᠣᠷᠠᠨ ᠪᠢᠴᠢᠯᠭᠡ ᠶ᠋ᠢᠨ ᠰᠣᠨᠢᠷᠬᠠᠯ ᠲᠠᠭᠠᠰᠢᠶᠠᠯ ᠤᠨ ᠦᠨ᠎ᠡ ᠦᠷᠲᠡᠭ ᠲᠠᠢ ᠪᠠᠶᠢᠳᠠᠭ ᠪᠢᠯᠨ ᠃

              


ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ