ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠮᠦᠽᠧᠶ ᠨᠡᠭᠡᠭᠡᠭᠳᠡᠬᠦ ᠪᠣᠯᠣᠯ᠎ᠠ

ᠣᠩᠰᠢᠭᠰᠠᠨ ᠤᠳᠠᠭ᠎ᠠ ᠄ 2858     ᠨᠡᠶᠢᠳᠡᠯᠡᠭᠰᠡᠨ ᠴᠠᠭ ᠄ 2019/10/15 8:35:30

       

     ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠮᠦᠽᠧᠶ ᠨᠢ 《 ᠳᠥᠷᠪᠡᠨ ᠲᠢᠩᠬᠢᠮ ᠬᠣᠶᠠᠷ ᠦᠵᠡᠮᠵᠢ 》 ᠪᠡᠷ ᠪᠦᠷᠢᠯᠳᠦᠵᠡᠶ ᠃

    

      ᠨᠢᠭᠡᠳᠦᠭᠡᠷ ᠲᠢᠩᠬᠢᠮ ᠄ ᠶᠡᠷᠦᠩᠬᠡᠶ ᠣᠷᠣᠰᠢᠯ ‍ᠤᠨ ᠲᠢᠩᠬᠢᠮ

     ᠲᠤᠰ ᠲᠢᠩᠬᠢᠮ ᠨᠢ ᠮᠣᠩᠭᠣᠯ ᠬᠢᠲᠠᠳ ᠬᠣᠶᠠᠷ ᠵᠦᠢᠯ  ‍ᠦᠨ ᠦᠰᠦᠭ ‍ᠢᠶ᠋ᠡᠷ ᠣᠷᠣᠰᠢᠯ ᠤᠨ ᠬᠡᠰᠡᠭ ᠲᠦ ᠤᠮᠠᠷᠠᠲᠤ ᠣᠷᠣᠨ ‍ᠤ ᠦᠨᠳᠦᠰᠦᠲᠡᠨ ᠵᠢᠴᠢ ᠮᠣᠩᠭᠣᠯ ᠦᠨᠳᠦᠰᠦᠲᠡᠨ ᠲᠠᠪᠤᠨ ᠶᠡᠬᠡ ᠰᠠᠯᠪᠤᠷᠢ ᠬᠣᠷᠢ ᠭᠠᠷᠤᠶ ᠦᠰᠦᠭ ᠪᠢᠴᠢᠭ ‍ᠢ ᠵᠣᠬᠢᠶᠠᠨ ᠪᠦᠳᠦᠭᠡᠨ ᠬᠡᠷᠡᠭᠯᠡᠵᠦ ᠂ ᠮᠣᠩᠭᠣᠯ ᠵᠢᠷᠤᠭ ᠂ ᠠᠷᠠᠰᠤᠨ ᠰᠡᠶᠢᠯᠦᠮᠡᠯ ᠵᠡᠷᠭᠡ ᠦᠨᠳᠦᠰᠦᠳᠡᠨ ᠤ ᠣᠨᠴᠠᠯᠢᠭᠳᠣ ᠵᠦᠢᠯᠡᠰ ᠢᠶᠠᠷ ᠴᠢᠩᠭᠢᠰ ᠬᠠᠭᠠᠨ ᠪᠣᠯᠤᠨ ᠲᠠᠲᠠᠳᠤᠩᠭ᠎ᠠ ᠶ᠋ᠢᠨ ᠠᠭᠤᠯᠵᠠᠯᠲᠠ ᠶ᠋ᠢ ᠳᠣᠪᠣᠶᠢᠯᠭᠠᠨ ᠂ ᠮᠣᠩᠭᠣᠯ ᠬᠠᠭᠠᠨᠲᠤ ᠤᠯᠤᠰ ᠂ ᠳᠥᠷᠪᠡᠨ ᠶᠡᠬᠡ ᠬᠠᠭᠠᠨᠳᠣ ᠤᠯᠤᠰ ᠤᠨ ᠬᠡᠪᠴᠢᠶᠡᠨ ᠳ᠋ᠦ ᠣᠶᠢᠭᠣᠷᠵᠢᠨ ᠮᠣᠩᠭᠣᠯ ᠦᠰᠦᠭ ‍ᠢ ᠪᠦᠬᠦ ᠲᠠᠯ᠎ᠠ ᠪᠠᠷ ᠬᠡᠷᠡᠭᠵᠢᠭᠦᠯᠦᠭᠰᠡᠨ ᠪᠠᠶᠢᠳᠠᠯ ‍ᠢ ᠲᠠᠨᠢᠯᠴᠠᠭᠤᠯᠵᠠᠶ ᠃

                

     ᠬᠣᠶᠠᠳᠤᠭᠠᠷ ᠲᠢᠩᠬᠢᠮ ᠄  ᠪᠠᠷᠠᠭᠤᠨ ᠵᠢᠭᠦᠷ ‍ᠦᠨ ᠲᠢᠩᠬᠢᠮ
     ᠭᠣᠤᠯᠳᠠᠭᠤ ᠦᠰᠦᠭ ᠪᠢᠴᠢᠭ ‍ᠦᠨ ᠠᠩᠬᠠᠨ ‍ᠤ ᠬᠡᠯᠪᠡᠷᠢ ᠶ᠋ᠢᠨ ᠬᠠᠳᠠᠨ ᠵᠢᠷᠤᠭ ᠵᠢᠴᠢ ᠤᠮᠠᠷᠠᠲᠤ ᠣᠷᠣᠨ ‍ᠤ ᠦᠨᠳᠦᠰᠦᠲᠡᠨ ‍ᠦ ᠬᠡᠷᠡᠭᠯᠡᠵᠦ ᠥᠩᠭᠡᠷᠡᠭᠰᠡᠨ ᠲᠠᠪᠣᠨ ᠰᠢᠰᠲ᠋ᠧᠮ ‍ᠦᠨ ᠦᠰᠦᠭ ᠪᠢᠴᠢᠭ ‍ᠢ ᠳᠡᠯᠭᠡᠨ ᠲᠠᠨᠢᠯᠴᠠᠭᠤᠯᠪᠠ ᠃  

   

     ᠭᠤᠷᠪᠠᠳᠤᠭᠠᠷ ᠲᠢᠩᠬᠢᠮ ᠄ ᠲᠥᠪ ᠲᠢᠩᠬᠢᠮ

      ᠭᠣᠤᠯᠳᠠᠭᠤ ᠲᠠᠳᠠᠲᠣᠩᠭ᠎ᠠ ᠣᠶᠢᠭᠣᠷᠵᠢᠨ ᠮᠣᠩᠭᠣᠯ ᠦᠰᠦᠭ ᠪᠢᠴᠢᠭ ‍ᠢ ᠵᠣᠬᠢᠶᠠᠨ ᠪᠦᠳᠦᠭᠡᠵᠣ ᠂ ᠢᠵᠠᠭᠤᠷᠲᠠᠨ ᠤ ᠬᠡᠦᠬᠡᠳ ᠪᠠ ᠰᠤᠷᠬᠤ ᠨᠠᠰᠤᠨ ‍ᠤ ᠵᠠᠯᠠᠭᠣ ᠪᠠᠭᠠᠴᠤᠳ  ᠲᠦ ᠵᠢᠭᠠᠨ ᠰᠣᠷᠭᠠᠵᠣ ᠂  ᠪᠦᠬᠦ ᠤᠯᠤᠰ ᠤᠨ ᠬᠡᠪᠴᠢᠶᠡᠨ ᠳ᠋ᠦ ᠲᠦᠭᠡᠮᠡᠯᠵᠢᠭᠦᠯᠦᠭᠰᠡᠨ ᠠᠤᠭ᠎ᠠ ᠵᠢᠳᠬᠦᠯ ᠵᠢᠴᠢ ᠮᠣᠩᠭᠣᠯ ᠬᠠᠭᠠᠨᠲᠤ ᠤᠯᠤᠰ ᠪᠠ ᠤᠮᠠᠷᠠᠲᠤ ᠶᠤᠸᠠᠨ ᠤᠯᠤᠰ ᠤᠨ ᠦᠶ᠎ᠡ ᠳ᠋ᠤ ᠡᠭᠦᠳᠦᠨ ᠪᠦᠲᠦᠭᠡᠭᠰᠡᠨ ᠰᠣᠶᠣᠯ ‍ᠤᠨ ᠭᠠᠶᠢᠬᠠᠮᠰᠢᠭᠲᠤ ᠦᠵᠡᠭᠳᠡᠯ ‍ᠢ ᠳᠡᠯᠭᠡᠨ ᠦᠵᠡᠭᠦᠯᠦᠭᠰᠡᠨ ᠪᠠᠶᠢᠨ᠎ᠠ ᠃

         

     ᠳᠥᠷᠪᠡᠳᠦᠭᠡᠷ ᠲᠢᠩᠬᠢᠮ ᠄ ᠵᠡᠭᠦᠨ ᠵᠢᠭᠦᠷ ‍ᠦᠨ ᠲᠢᠩᠬᠢᠮ

     ᠭᠣᠤᠯᠳᠠᠭᠤ ᠴᠢᠩ ᠤᠯᠤᠰ ᠪᠠ ᠢᠷᠭᠡᠨ ᠤᠯᠤᠰ ᠤᠨ ᠦᠶ᠎ᠡ ᠳ᠋ᠤ ᠣᠯᠠᠨ ᠦᠰᠦᠭ ᠪᠢᠴᠢᠭ ᠵᠣᠬᠢᠶᠠᠭᠰᠠᠨ ᠪᠠ ᠣᠶᠢᠭᠣᠷᠵᠢᠨ ᠮᠣᠩᠭᠣᠯ ᠦᠰᠦᠭ ‍ᠢ ᠬᠠᠯᠠᠨ ᠰᠠᠶᠢᠵᠢᠷᠠᠭᠤᠯᠤᠭᠰᠠᠨ ᠪᠠᠶᠢᠳᠠᠯ ‍ᠢ ᠳᠡᠯᠭᠡᠨ ᠦᠵᠡᠭᠦᠯᠵᠦ ᠂ ᠡᠨᠡ ᠬᠦ ᠬᠤᠭᠤᠴᠠᠭᠠᠨ ᠳ᠋ᠤ ᠣᠯᠤᠭᠰᠠᠨ ᠰᠣᠶᠣᠯ ‍ᠤᠨ ᠠᠮᠵᠢᠯᠲᠠ ᠶ᠋ᠢ ᠲᠣᠪᠴᠢ ᠲᠠᠨᠢᠯᠴᠠᠭᠤᠯᠵᠠᠶ ᠃

   

      ᠨᠢᠭᠡᠳᠦᠭᠡᠷ ᠦᠵᠡᠮᠵᠢ ᠄ ᠲᠠᠲᠠᠳᠤᠩᠭ᠎ᠠ ᠵᠡᠷᠭᠡ ᠮᠣᠩᠭᠣᠯ ᠰᠣᠶᠣᠯ ᠲᠡᠦᠬᠡ ᠶ᠋ᠢᠨ ᠨᠡᠷᠡᠳᠣ ᠬᠦᠮᠦᠰ ᠤᠨ ᠦᠢᠯᠡ ᠠᠵᠢᠯᠯᠠᠭ᠎ᠠ ᠶ᠋ᠢᠨ ᠲᠣᠶᠢᠮᠣ ᠪᠠᠶᠢᠳᠠᠯ ‍ᠢ ᠲᠠᠨᠢᠯᠴᠠᠭᠤᠯᠪᠠ ᠃

    

      ᠬᠣᠶᠠᠳᠤᠭᠠᠷ ᠦᠵᠡᠮᠵᠢ ᠄  ᠨᠡᠶᠢᠲᠡ  ᠬᠣᠷᠢᠨ ᠳᠥᠷᠪᠡᠨ ᠴᠢᠯᠠᠭᠤᠨ ᠬᠥᠰᠢᠶ᠎ᠡ ᠳᠥᠴᠢ ᠭᠠᠷᠤᠶ ᠬᠥᠰᠢᠶᠡᠨ ‍ᠦ ᠪᠢᠴᠢᠭᠡᠰᠦ ᠪᠣᠯᠤᠨ᠎ᠠ ᠃
      ᠪᠢᠳᠡ ᠪᠠᠰᠠ 《 ᠠᠮᠢᠵᠢᠷᠠᠯ ᠪᠢᠯᠬᠠᠭᠰᠠᠨ ᠨᠠᠢᠮᠠᠨ 》 ᠵᠢᠷᠬᠢᠷ᠎ᠡ ᠤᠨ ᠲᠠᠪᠴᠠᠩ ᠶᠡᠬᠡ ᠬᠤᠷᠠᠯ ‍ᠤᠨ ᠡᠬᠢᠯᠡᠯᠳᠡ ᠶ᠋ᠢᠨ ᠶᠣᠰᠣᠯᠠᠯ ᠂ ᠰᠤᠳᠤᠯᠤᠨ ᠶᠠᠷᠢᠯᠴᠠᠬᠤ ᠬᠤᠷᠠᠯ ᠵᠡᠷᠭᠡ ᠠᠭᠤᠯᠭ᠎ᠠ ᠶ᠋ᠢ ᠰᠢᠭᠤᠳ ᠨᠡᠪᠲᠡᠷᠡᠭᠦᠯᠦᠨ᠎ᠡ ᠃ ᠲᠣᠬᠠᠢ ᠴᠠᠭ  ᠲᠦ ᠬᠦᠯᠢᠶᠡᠨ ᠠᠪᠴᠣ ᠦᠵᠡᠭᠡᠷᠡᠢ ︕
ᠢᠷᠡᠯᠳᠡ᠄ ᠨᠠᠶᠢᠷᠠᠭᠤᠯᠤᠭᠴᠢ᠄