ᠬᠣᠰᠢᠭᠣᠨ ᠤ ᠨᠠᠮ ‍ᠤᠨ ᠬᠣᠷᠢᠶᠠᠨ ‍ᠤ ᠱᠦᠵᠢ ᠵᠠᠩ ᠬᠤᠸᠠ ᠪᠠᠶᠢᠰᠢᠩᠳᠣ ᠪᠠᠯᠭᠠᠰᠤᠨ ᠳ᠋ᠤ ᠭᠦᠨᠵᠡᠭᠡᠶᠢᠷᠡᠨ ᠪᠠᠶᠢᠴᠠᠭᠠᠨ ᠰᠣᠳᠣᠯᠣᠯᠳᠠ ᠬᠢᠭᠰᠡᠨ

ᠣᠩᠰᠢᠭᠰᠠᠨ ᠤᠳᠠᠭ᠎ᠠ ᠄ 1831     ᠨᠡᠶᠢᠳᠡᠯᠡᠭᠰᠡᠨ ᠴᠠᠭ ᠄ 2019/10/15 10:29:20

     10 ᠰᠠᠷ᠎ᠠ ᠶ᠋ᠢᠨ 12 ‍ᠤᠨ ᠡᠳᠦᠷ ᠂ ᠬᠣᠰᠢᠭᠣᠨ ᠤ ᠨᠠᠮ ‍ᠤᠨ ᠬᠣᠷᠢᠶᠠᠨ ‍ᠤ ᠱᠦᠵᠢ ᠵᠠᠩ ᠬᠤᠸᠠ ᠪᠠᠶᠢᠰᠢᠩᠳᠣ ᠪᠠᠯᠭᠠᠰᠤᠨ ᠳ᠋ᠤ ᠭᠦᠨᠵᠡᠭᠡᠶᠢᠷᠡᠨ ᠳᠠᠩᠰᠠ ᠪᠠᠶᠢᠭᠣᠯᠣᠨ ᠺᠠᠷᠲ ᠵᠣᠬᠢᠶᠠᠭᠰᠠᠨ ᠶᠠᠳᠠᠭᠣ ᠬᠦᠴᠢᠷᠳᠡᠯᠳᠡᠢ ᠲᠣᠰᠬᠣᠨ ᠳ᠋ᠥ ᠪᠠᠶᠢᠴᠠᠭᠠᠨ ᠰᠣᠳᠣᠯᠣᠯᠳᠠ ᠬᠢᠭᠰᠡᠨ ᠪᠠᠶᠢᠨ᠎ᠠ ᠃
     ᠵᠠᠩ ᠬᠤᠸᠠ ᠤᠷᠢᠳ ᠬᠣᠵᠢᠳ ᠮᠡᠨᠳᠦᠬᠣᠭᠣᠯᠠᠢ ᠭᠠᠴᠠᠭ᠎ᠠ ᠂ ᠶᠦᠩ ᠰᠢᠩ ᠳ᠋ᠢᠶᠠᠨ ᠽᠢ ᠲᠣᠰᠬᠣᠨ ᠂ ᠶᠦᠩ ᠰᠢᠩ ᠨᠥᠩ ᠴᠠᠩ ᠲᠣᠰᠬᠣᠨ ᠂ ᠳ᠋ᠦᠩ ᠹᠠᠩ ᠬᠣᠩ ᠲᠣᠰᠬᠣᠨ ᠳ᠋ᠤ ᠬᠦᠷᠴᠦ ᠂ ᠲᠥᠷᠦ ᠶ᠋ᠢᠨ ᠪᠣᠳᠣᠯᠭ᠎ᠠ ᠶ᠋ᠢ ᠨᠠᠶᠢᠳᠠᠪᠤᠷᠢᠵᠢᠭᠤᠯᠤᠭᠰᠠᠨ ᠪᠠᠶᠢᠳᠠᠯ ‍ᠢ ᠪᠦᠬᠦ ᠲᠠᠯ᠎ᠠ ᠪᠠᠷ ᠣᠶᠢᠯᠠᠭᠠᠨ ᠂ ᠦᠨᠳᠦᠰᠦᠨ ᠱᠠᠲᠤᠨ ‍ᠤ ᠺᠠᠳ᠋ᠷ ᠂ ᠲᠣᠰᠬᠣᠨ ᠳ᠋ᠤ ᠰᠠᠭᠤᠭ᠎ᠠ ᠺᠠᠳ᠋ᠷ ᠂ ᠬᠠᠪᠰᠤᠷᠤᠨ ᠲᠡᠳᠬᠦᠬᠦ ᠺᠠᠳ᠋ᠷ ᠪᠣᠯᠤᠨ ᠬᠠᠪᠰᠤᠷᠤᠨ ᠲᠡᠳᠬᠦᠬᠦ ᠰᠠᠯᠠᠭ᠎ᠠ ᠮᠥᠴᠢᠷ ‍ᠦᠨ ᠬᠠᠷᠢᠭᠤᠴᠠᠯᠭ᠎ᠠ ᠪᠠᠨ ᠨᠠᠶᠢᠳᠠᠪᠤᠷᠢᠵᠢᠭᠤᠯᠤᠭᠰᠠᠨ ᠪᠠᠶᠢᠳᠠᠯ ‍ᠢ ᠨᠠᠷᠢᠨ ᠠᠰᠠᠭᠤᠨ ᠯᠠᠪᠯᠠᠵᠤ ᠂ ᠲᠣᠰᠬᠣᠨ ᠳ᠋ᠤ ᠰᠠᠭᠤᠭ᠎ᠠ ᠺᠠᠳ᠋ᠷ ‍ᠤᠨ ᠠᠵᠢᠯ ᠪᠣᠯᠤᠨ ᠠᠮᠢᠳᠤᠷᠠᠯ ‍ᠤᠨ ᠪᠠᠶᠢᠳᠠᠯ ‍ᠢ ᠬᠠᠯᠠᠮᠵᠢᠯᠠᠨ ᠠᠰᠠᠭᠤᠵᠤ ᠂ ᠡᠷᠡᠭᠦᠯ ᠮᠡᠨᠳᠦ ᠪᠡᠷ ᠶᠠᠳᠠᠭᠤ ᠶ᠋ᠢ ᠲᠡᠳᠬᠦᠬᠦ ᠂ ᠮᠥᠩᠭᠥᠨ ᠭᠦᠢᠯᠭᠡᠭᠡᠨ ‍ᠢᠶ᠋ᠡᠷ ᠶᠠᠳᠠᠭᠤ ᠶ᠋ᠢ ᠲᠡᠳᠬᠦᠬᠦ ᠪᠠ ᠠᠵᠤ  ᠦᠢᠯᠡᠰ ‍ᠢᠶ᠋ᠡᠷ ᠶᠠᠳᠠᠭᠤ ᠶ᠋ᠢ ᠲᠡᠳᠬᠦᠬᠦ ᠳ᠋ᠦ ᠣᠷᠣᠰᠢᠵᠤ ᠪᠠᠶᠢᠭ᠎ᠠ ᠲᠣᠪᠣᠶᠢᠮ᠎ᠠ ᠠᠰᠠᠭᠤᠳᠠᠯ ᠪᠣᠯᠤᠨ ᠴᠡᠭᠴᠡᠯᠡᠨ ᠰᠠᠶᠢᠵᠢᠷᠠᠭᠤᠯᠬᠤ ᠠᠷᠭ᠎ᠠ ᠬᠡᠮᠵᠢᠶ᠎ᠡ ᠶ᠋ᠢ ᠬᠠᠮᠲᠤᠪᠠᠷ  ᠰᠣᠳᠣᠯᠣᠭᠰᠠᠨ ᠪᠠᠶᠢᠨ᠎ᠠ᠃

     ᠵᠠᠩ ᠬᠤᠸᠠ ᠴᠢᠩᠭᠠᠳᠬᠠᠭᠰᠠᠨ ᠨᠢ ᠂ ᠶᠠᠳᠠᠭᠤ ᠡᠴᠠ ᠠᠩᠭᠢᠵᠢᠷᠠᠭᠣᠯᠣᠨ ᠪᠣᠭᠣᠮᠲᠠ ᠰᠢᠪᠲᠤᠯᠬᠤ ᠴᠠᠭ ᠪᠠᠴᠢᠮ ᠡᠭᠦᠷᠭᠡ ᠬᠦᠨᠳᠦ ᠂ ᠠᠰᠠᠭᠤᠳᠠᠯ ᠢᠶᠠᠷ ᠤᠳᠤᠷᠢᠳᠤᠮᠵᠢ ᠪᠣᠯᠭᠠᠬᠤ ᠶ᠋ᠢ ᠪᠠᠷᠢᠮᠳᠠᠯᠠᠨ ᠂ ᠡᠯ᠎ᠡ  ᠵᠦᠢᠯ  ‍ᠦᠨ ᠲᠥᠷᠥ ᠶ᠋ᠢᠨ ᠪᠣᠳᠣᠯᠭ᠎ᠠ ᠶ᠋ᠢ ᠴᠢᠩᠭ᠎ᠠ ᠨᠠᠶᠢᠳᠠᠪᠣᠷᠢᠵᠢᠭᠣᠯᠬᠣ ᠬᠡᠷᠡᠭᠲᠡᠶ ᠃ ᠶᠠᠳᠠᠭᠤ ᠡᠴᠠ  ᠠᠩᠭᠢᠵᠢᠷᠠᠭᠣᠯᠣᠨ ᠪᠣᠭᠣᠮᠲᠠ ᠰᠢᠪᠲᠤᠯᠬᠤ ᠪᠠ ᠬᠥᠳᠡᠭᠡ ᠲᠣᠰᠬᠣᠨ ‍ᠢ ᠬᠥᠭᠵᠢᠭᠦᠯᠦᠨ ᠮᠠᠨᠳᠤᠭᠤᠯᠬᠤ ᠶ᠋ᠢ ᠪᠦᠲᠦᠮᠵᠢᠲᠡᠶ ᠵᠣᠯᠭᠠᠭᠤᠯᠬᠤ ᠶ᠋ᠢ ᠶᠡᠬᠡᠪᠡᠷ ᠠᠬᠢᠭᠤᠯᠵᠤ ᠂ ᠥᠷᠭᠡᠨ ᠣᠯᠠᠨ ᠲᠦᠮᠡᠨ ‍ᠦ ᠭᠣᠤᠯ ᠴᠣᠭᠴᠠ ᠶ᠋ᠢᠨ  ᠦᠢᠯᠡᠳᠤᠯ  ‍ᠢ  ᠭᠦᠢᠴᠡᠳ ᠪᠠᠳᠠᠷᠠᠭᠣᠯᠣᠨ ᠂ ᠣᠯᠠᠨ ᠲᠦᠮᠡᠨ ‍ᠦ  ᠦᠢᠯᠡᠰ ᠪᠣᠰᠬᠠᠬᠤ ᠶ᠋ᠢ  ᠭᠦᠢᠴᠡᠳ ᠳᠠᠶᠢᠴᠢᠯᠠᠵᠤ ᠂ ᠣᠯᠠᠨ ᠲᠦᠮᠡᠨ ‍ᠦ ᠬᠦᠰᠡᠯ ᠰᠠᠨᠠᠭ᠎ᠠ ᠪᠠ ᠠᠵᠢᠯᠯᠠᠭ᠎ᠠ ᠶ᠋ᠢ  ᠭᠦᠢᠴᠡᠳ  ᠬᠦᠨᠳᠦᠳᠬᠡᠨ ᠂ ᠰᠢᠨ᠎ᠡ ᠬᠡᠯᠪᠡᠷᠢ ᠶ᠋ᠢᠨ ᠡᠵᠡᠩᠨᠡᠯᠲᠡ ᠶ᠋ᠢᠨ ᠭᠣᠤᠯ ᠴᠣᠭᠴᠠ ᠶ᠋ᠢ ᠵᠣᠬᠢᠶᠠᠨ ᠪᠠᠶᠢᠭᠣᠯᠵᠣ ᠂  《 ᠨᠢᠭᠡ ᠲᠣᠰᠬᠣᠨ ᠨᠢᠭᠡ ᠲᠥᠷᠥᠯ ᠵᠦᠢᠯ 》 ‍ᠤᠨ ᠣᠨᠴᠠᠯᠢᠭᠲᠤ ᠲᠤᠰᠬᠠᠶ ᠮᠡᠷᠭᠡᠵᠢᠯ ‍ᠢ ᠪᠠᠶᠢᠭᠤᠯᠬᠤ ᠬᠡᠷᠡᠭᠲᠡᠶ ᠃ ᠭᠠᠴᠠᠭ᠎ᠠ ᠲᠣᠰᠬᠣᠨ ‍ᠤ ᠦᠨᠳᠦᠰᠦᠨ ᠱᠠᠲᠤᠨ ‍ᠤ ᠨᠠᠮ ‍ᠤᠨ ᠵᠣᠬᠢᠶᠠᠨ ᠪᠠᠶᠢᠭᠤᠯᠤᠯᠲᠠ  ᠵᠢ ᠴᠢᠩᠭ᠎ᠠ ᠠᠳᠬᠤᠵᠤ ᠂ 《 ᠤᠭ ᠰᠠᠨᠠᠭ᠎ᠠ ᠪᠠᠨ ᠦᠯᠦ ᠮᠠᠷᠲᠠᠵᠤ ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ 》 ᠭᠣᠤᠯ ᠰᠡᠳᠦᠪᠲᠦ ᠬᠥᠮᠦᠵᠢᠯ ‍ᠢ ᠯᠠᠪᠳᠠᠭᠤᠨ ᠪᠠᠲᠤᠲᠠᠶ ᠦᠷᠨᠢᠭᠦᠯᠦᠨ ᠂ ᠣᠯᠠᠨ ᠲᠦᠮᠡᠨ ‍ᠢ  ᠦᠨᠡᠭᠦ ᠬᠠᠪᠰᠤᠷᠴᠤ ᠂ ᠣᠯᠠᠨ ᠲᠦᠮᠡᠨ ᠤ ᠲᠣᠮᠳᠠ ᠣᠷᠣᠰᠢᠵᠣ ᠪᠠᠶᠢᠭ᠎ᠠ ᠠᠰᠠᠭᠤᠳᠠᠯ ᠪᠠ  ᠬᠦᠴᠢᠷᠳᠡᠯ ‍ᠢ ᠪᠦᠳᠦᠮᠵᠢᠲᠠᠢ ᠰᠢᠢᠳᠪᠦᠷᠢᠯᠡᠬᠦ ᠬᠡᠷᠡᠭᠲᠡᠢ ᠭᠡᠰᠡᠨ ᠪᠠᠶᠢᠨ᠎ᠠ ᠃

  

ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ