ᠵᠠᠭᠤᠨ ᠠᠵᠤ ᠠᠬᠣᠶᠢᠯᠠᠯ ᠵᠠᠭᠤᠨ ᠲᠣᠰᠬᠣᠨ ‍ᠢ ᠬᠠᠪᠰᠣᠷᠴᠣ ᠶᠠᠳᠠᠭᠣ ᠬᠦᠴᠢᠷᠳᠡᠯᠲᠢ ᠲᠣᠰᠬᠣᠨ ᠤ ᠠᠵᠣ ᠠᠬᠣᠢ ᠵᠢ ᠬᠦᠭᠵᠢᠬᠦᠯᠵᠣ ᠪᠠᠶᠢᠭ᠎ᠠ

ᠣᠩᠰᠢᠭᠰᠠᠨ ᠤᠳᠠᠭ᠎ᠠ ᠄ 1201     ᠨᠡᠶᠢᠳᠡᠯᠡᠭᠰᠡᠨ ᠴᠠᠭ ᠄ 2019/10/15 9:58:05

    ᠣᠶᠢᠷ᠎ᠠ ᠶ᠋ᠢᠨ ᠵᠢᠯ ᠳ᠋ᠦ ᠂ ᠮᠠᠨ ‍ᠤ ᠬᠣᠰᠢᠭᠤ 《 ᠵᠠᠭᠤᠨ ᠠᠵᠤ ᠠᠬᠣᠶᠢᠯᠠᠯ ᠵᠠᠭᠤᠨ ᠲᠣᠰᠬᠣᠨ ‍ᠢ ᠬᠠᠪᠰᠤᠷᠬᠤ 》 ᠶᠠᠳᠠᠭᠤ ᠡᠴᠠ ᠠᠩᠭᠢᠵᠢᠷᠠᠭᠣᠯᠣᠨ ᠪᠣᠭᠣᠮᠲᠠ ᠰᠢᠪᠲᠤᠯᠬᠤ ᠠᠵᠢᠯᠯᠠᠭ᠎ᠠ ᠶ᠋ᠢ ᠢᠳᠡᠪᠬᠢᠲᠡᠢ ᠥᠷᠨᠢᠭᠦᠯᠪᠡ ᠃ ᠬᠣᠰᠢᠭᠣᠨ ᠤ  ᠦᠢᠯᠡᠳᠪᠣᠷᠢ ᠬᠤᠳᠠᠯᠳᠤᠭᠠᠨ ‍ᠤ ᠬᠣᠯᠪᠣᠭ᠎ᠠ ᠶ᠋ᠢᠨ ᠢᠳᠡᠪᠬᠢᠲᠡᠢ  ᠲᠣᠬᠢᠷᠠᠭᠣᠯᠣᠭ᠎ᠠ ᠳᠣᠤᠷ᠎ᠠ ᠂ ᠠᠵᠤ ᠠᠬᠤᠢᠯᠠᠯ ᠨᠢ ᠪᠠᠯᠭᠠᠰᠤ ᠲᠣᠰᠬᠣᠨ ᠬᠣᠶᠠᠷ ᠱᠠᠲᠤ ᠲᠠᠢ ᠡᠮᠬᠢ ᠵᠢᠷᠤᠮ ᠲᠠᠶ ᠵᠣᠯᠭᠠᠭᠤᠯᠬᠤ ᠪᠠᠷ ᠳᠠᠮᠵᠢᠨ ᠂ ᠲᠣᠰ ᠪᠡᠶ᠎ᠡ ᠶ᠋ᠢᠨ ᠳᠠᠪᠠᠭᠤᠯᠢᠭ ᠢᠶᠡᠨ  ᠭᠦᠢᠴᠡᠳ  ᠪᠠᠳᠠᠷᠠᠭᠤᠯᠵᠤ ᠂ ᠲᠣᠰᠬᠣᠨ ‍ᠤ ᠬᠠᠮᠲᠤ ᠶ᠋ᠢᠨ ᠠᠵᠤ ᠠᠬᠤᠢ ᠶ᠋ᠢᠨ ᠬᠥᠭᠵᠢᠯᠲᠡ ᠂ ᠲᠣᠰᠬᠣᠨ ‍ᠤ ᠠᠷᠠᠳ ‍ᠤᠨ ᠶᠠᠳᠠᠭᠤ ᠡᠴᠠ ᠠᠩᠭᠢᠵᠢᠷᠠ ᠴᠢᠨᠡᠭᠡᠯᠢᠭᠵᠢᠬᠦ ᠵᠢᠴᠢ ᠬᠥᠳᠡᠭᠡ ᠲᠣᠰᠬᠣᠨ ‍ᠢ ᠬᠥᠭᠵᠢᠭᠦᠯᠦᠨ ᠮᠠᠨᠳᠤᠭᠤᠯᠬᠤ ᠶ᠋ᠢ ᠠᠬᠢᠭᠤᠯᠬᠤ ᠶᠡᠬᠡ ᠵᠠᠮ ᠳᠡᠭᠡᠷ᠎ᠡ ᠯᠠᠪᠳᠠᠭᠤᠨ ᠢᠶᠠᠷ ᠤᠷᠤᠭᠰᠢᠯᠠᠨ᠎ᠠ ᠃

    ᠭᠣᠷᠪᠠᠨᠬᠣᠸᠠ ᠰᠤᠮᠤᠨ ‍ᠤ ᠲᠣᠯᠣᠭᠠᠶᠢᠳᠣ ᠭᠠᠴᠠᠭ᠎ᠠ ᠪᠣᠯ ᠨᠢᠭᠡᠨ ᠨᠡᠶᠢᠲᠡᠯᠢᠭ ᠦᠨᠳᠦᠰᠦᠲᠡᠨ ‍ᠦ ᠲᠣᠰᠬᠣᠨ ᠪᠠᠶᠢᠵᠣ ᠂ ᠲᠡᠵᠢᠭᠡᠨ ᠦᠷᠡᠵᠢᠭᠦᠯᠬᠦ ᠪᠡᠷ ᠭᠣᠣᠯᠯᠠᠵᠣ ᠪᠣᠢ ᠃ ᠭᠠᠴᠠᠭ᠎ᠠ ‍ᠤ ᠲᠡᠵᠢᠭᠡᠨ ᠦᠷᠡᠵᠢᠭᠦᠯᠬᠦ ᠦᠢᠯᠡᠰ ‍ᠢ ᠨᠠᠩ ᠰᠠᠶᠢᠨ ᠬᠦᠭᠵᠢᠬᠦᠯᠬᠦ ᠶ᠋ᠢᠨ ᠲᠥᠯᠥᠭᠡ ᠂ ᠥᠪᠥᠷ ᠮᠣᠩᠭᠣᠯ ᠤᠨ ᠾᠥᠸᠧ ᠳ᠋ᠧ ᠶᠤᠸᠠᠨ ᠮᠠᠯ ᠠᠵᠤ ᠠᠬᠤᠢ ᠶ᠋ᠢᠨ ᠬᠢᠵᠠᠭᠠᠷᠲᠤ ᠺᠣᠮᠫᠠᠨᠢ ᠵᠢ ᠭᠠᠴᠠᠭᠠᠨ ᠳ᠋ᠠᠭᠠᠨ ᠲᠠᠳᠠᠨ ᠠᠪᠴᠢᠷᠠᠭᠰᠠᠨ ᠪᠠᠶᠢᠨ᠎ᠠ ᠃

   

     ᠲᠣᠯᠣᠭᠠᠶᠢᠳᠣ ᠭᠠᠴᠠᠭᠠᠨ ‍ᠤ ᠨᠠᠮ ‍ᠤᠨ ᠡᠭᠦᠷ ‍ᠦᠨ ᠱᠦᠵᠢ ᠰᠢ ᠪᠣᠶᠠᠨᠳᠡᠯᠭᠡᠷ ᠄ ᠾᠥᠸᠧ ᠳ᠋ᠧ ᠶᠤᠸᠠᠨ ᠮᠠᠯ ᠠᠵᠤ ᠠᠬᠤᠢ ᠶ᠋ᠢᠨ ᠬᠢᠵᠠᠭᠠᠷᠲᠤ ᠺᠣᠮᠫᠠᠨᠢ ᠮᠠᠨ ‍ᠤ ᠲᠣᠰᠬᠣᠨ ᠳ᠋ᠤ ᠰᠠᠭᠣᠷᠰᠢᠭᠰᠠᠨ ᠡᠴᠡ ᠂ ᠠᠷᠠᠳ ᠣᠯᠠᠨ ‍ᠤ ᠠᠮᠢᠳᠤᠷᠠᠯ ‍ᠤᠨ ᠲᠦᠪᠰᠢᠨ ᠵᠢᠴᠢ ᠠᠵᠤ ᠠᠬᠤᠶ ᠶ᠋ᠢᠨ ᠬᠥᠭᠵᠢᠯᠲᠡ ᠳ᠋ᠦ ᠮᠠᠰᠢ ᠶᠡᠬᠡ ᠬᠤᠪᠢᠷᠠᠯᠲᠠ ᠭᠠᠷᠴᠤ ᠂ ᠭᠠᠵᠠᠷ ᠰᠢᠷᠣᠶ ᠶ᠋ᠢ ᠡᠷᠴᠢᠮᠵᠢᠭᠦᠯᠦᠨ ᠰᠢᠯᠵᠢᠬᠦᠯᠬᠦ ᠪᠠᠷ ᠳᠠᠮᠵᠢᠨ ᠂ ᠲᠤᠬᠠᠶ ᠶ᠋ᠢᠨ ᠵᠢᠯ ‍ᠦᠨ ᠠᠵᠤ ᠠᠬᠤᠢ ᠶ᠋ᠢᠨ ᠦᠷ᠎ᠡ ᠠᠰᠢᠭ 200 ᠲᠦᠮᠡ ᠳ᠋ᠦ ᠬᠦᠷᠴᠡᠶ ᠃

   

      ᠪᠠᠢ ᠰᠠᠶᠢᠡᠦ᠋ᠯᠵᠢ ᠪᠣᠯ ᠭᠠᠴᠠᠭᠠᠨ ‍ᠤ ᠶᠠᠳᠠᠭᠤ ᠬᠦᠴᠢᠷᠳᠡᠯᠲᠡᠶ ᠡᠷᠦᠬᠡ ᠪᠠᠶᠢᠵᠣ ᠂  ᠬᠣᠨᠢ ᠲᠡᠵᠢᠭᠡᠨ ᠲᠠᠷᠢᠶᠠᠯᠠᠬᠣ ᠪᠡᠷ ᠠᠮᠢᠳᠤᠷᠠᠯ ᠢᠶᠡᠨ ᠠᠷᠠᠭᠠᠴᠠᠵᠣ ᠂ ᠠᠵᠤ ᠠᠬᠤᠢ ᠶ᠋ᠢᠨ ᠭᠠᠴᠢᠭᠳᠠᠯ ᠡᠴᠠ ᠪᠣᠯᠵᠤ ᠰᠠᠭᠣᠭ᠎ᠠ ᠭᠡᠷ ᠨᠢ ᠡᠪᠳᠡᠷᠡᠬᠦ ᠶ᠋ᠢᠨ ᠲᠤᠶᠢᠯ ᠳ᠋ᠤ ᠲᠤᠯᠵᠠᠶ ᠃ ᠡᠨᠡᠬᠦ ᠪᠠᠶᠢᠳᠠᠯ ‍ᠢ ᠣᠶᠢᠯᠠᠭᠠᠭᠰᠠᠨ ‍ᠤ ᠳᠠᠷᠠᠭ᠎ᠠ ᠂  ᠾᠥᠸᠧ ᠳ᠋ᠧ ᠶᠤᠸᠠᠨ ᠮᠠᠯ ᠠᠵᠤ ᠠᠬᠤᠢ ᠶ᠋ᠢᠨ ᠬᠢᠵᠠᠭᠠᠷᠲᠤ ᠺᠣᠮᠫᠠᠨᠢ ᠤ ᠲᠥᠯᠥᠭᠡᠯᠡᠭᠴᠢ  ᠮᠧᠩ ᠬᠣᠩ ᠱᠠᠨ ᠬᠣᠶᠠᠷ ᠲᠦᠮᠡᠨ ᠲᠥᠭᠥᠷᠢᠭ ᠭᠠᠷᠭᠠᠨ ᠭᠡᠷ ᠪᠠᠶᠢᠰᠢᠩ ᠬᠦᠷᠢᠶ᠎ᠡ ᠬᠠᠰᠢᠶ᠎ᠠ ᠪᠠᠷᠢᠵᠣ ᠦᠭᠭᠦᠭᠰᠡᠨ ᠪᠠᠶᠢᠨ᠎ᠠ ᠃

     ᠶᠠᠳᠠᠭᠤ ᠬᠦᠴᠢᠷᠳᠡᠯᠲᠡᠶ ᠡᠷᠦᠬᠡ ᠪᠠᠢ ᠰᠠᠶᠢᠡᠦ᠋ᠯᠵᠢ ᠄  ᠮᠢᠨᠢ ᠭᠡᠷ ᠬᠦᠷᠢᠶ᠎ᠡ ᠬᠠᠰᠢᠶ᠎ᠠ ᠵᠢ  ᠲᠠᠬᠢᠨ ᠵᠠᠰᠠᠵᠣ ᠦᠭᠭᠦᠭᠰᠡᠨ ᠪᠦᠭᠡᠳ ᠪᠠᠰᠠ ᠬᠥᠮᠥᠷᠭᠡ ᠪᠠᠷᠢᠵᠣ ᠦᠭᠭᠦᠭᠰᠡᠨ ᠪᠠᠶᠢᠨ᠎ᠠ ᠃  ᠴᠢᠩ ᠰᠡᠳᠬᠢᠯ ᠡᠴᠡ ᠪᠡᠨ ᠲᠠᠯᠠᠷᠬᠠᠵᠤ ᠪᠠᠶᠢᠨ᠎ᠠ ᠃ ᠡᠪᠦᠯ ᠭᠡᠷ ᠳᠤᠯᠠᠭᠠᠨ ᠂ ᠪᠠᠰᠠ ᠴᠡᠪᠡᠷ ᠲᠡᠭᠰᠢ ᠪᠣᠯᠵᠠᠢ ᠃

   

     ᠶᠠᠳᠠᠭᠤ ᠬᠦᠴᠢᠷᠳᠡᠯᠲᠡᠶ ᠡᠷᠦᠬᠡ ᠳ᠋ᠥ ᠭᠡᠷ ᠪᠠᠶᠢᠰᠢᠩ ᠪᠠᠷᠢᠵᠤ ᠥᠭᠬᠦ ᠡᠴᠡ ᠭᠠᠳᠠᠨ᠎ᠠ ᠂  ᠾᠥᠸᠧ ᠳ᠋ᠧ ᠶᠤᠸᠠᠨ ᠮᠠᠯ ᠠᠵᠤ ᠠᠬᠤᠢ ᠶ᠋ᠢᠨ ᠬᠢᠵᠠᠭᠠᠷᠲᠤ ᠺᠣᠮᠫᠠᠨᠢ ᠪᠠᠰᠠ ᠡᠯ᠎ᠡ ᠵᠦᠢᠯ  ‍ᠦᠨ ᠨᠡᠢᠲᠡ ᠶ᠋ᠢᠨ ᠠᠰᠠᠷᠠᠮᠵᠢ ᠶ᠋ᠢᠨ ᠠᠵᠢᠯᠯᠠᠭ᠎ᠠ ᠳ᠋ᠤ ᠢᠳᠡᠪᠬᠢᠲᠡᠢ ᠣᠷᠣᠯᠴᠠᠪᠠ ᠃ ᠭᠣᠷᠪᠠᠨᠬᠣᠸᠠ ᠰᠤᠮᠤᠨ ‍ᠤ ᠬᠡᠳᠦᠨ ᠶᠠᠳᠠᠭᠤ ᠬᠦᠴᠢᠷᠳᠡᠯᠲᠡᠢ ᠰᠤᠷᠤᠭᠴᠢ ᠶ᠋ᠢ ᠲᠤᠰᠠᠯᠠᠨ ᠂ ᠲᠣᠯᠣᠭᠠᠶᠢᠳᠣ ᠭᠠᠴᠠᠭᠠᠨ ‍ᠤ ᠵᠢᠷᠠᠨ ᠨᠠᠰᠤᠨ ᠡᠴᠠ ᠳᠡᠭᠡᠭᠰᠢᠬᠢ ᠨᠠᠰᠤᠲᠠᠳ ‍ᠢ ᠲᠡᠳᠬᠦᠨ ᠳᠠᠮᠵᠢᠵᠤ ᠂ ᠭᠠᠵᠠᠷ ᠰᠢᠷᠣᠢ ᠶ᠋ᠢ ᠡᠷᠴᠢᠮᠵᠢᠭᠦᠯᠦᠨ ᠰᠢᠯᠵᠢᠭᠦᠯᠬᠦ ᠵᠡᠷᠭᠡ ᠠᠷᠭ᠎ᠠ ᠬᠡᠯᠪᠡᠷᠢ ᠪᠡᠷ ᠦᠬᠡᠷ ᠲᠡᠵᠢᠭᠡᠬᠦ ᠠᠵᠤ ᠦᠢᠯᠡᠰ ‍ᠢ ᠬᠥᠭᠵᠢᠭᠦᠯᠦᠨ ᠪᠤᠵᠠᠭᠠᠶᠢᠷᠠᠭᠤᠯᠵᠤ ᠂ 《 ᠵᠠᠭᠤᠨ ᠠᠵᠤ ᠠᠬᠤᠶᠢᠯᠠᠯ ᠵᠠᠭᠤᠨ ᠲᠣᠰᠬᠣᠨ ‍ᠢ ᠬᠠᠪᠰᠤᠷᠬᠤ 》 ᠠᠵᠢᠯ ᠢᠶᠡᠨ ᠨᠠᠶᠢᠳᠠᠪᠣᠷᠢᠵᠢᠭᠣᠯᠣᠭᠰᠠᠨ ᠪᠠᠶᠢᠨ᠎ᠠ ᠃
     ᠥᠪᠥᠷ ᠮᠣᠩᠭᠣᠯ ᠤᠨ ᠾᠥᠸᠧ ᠳ᠋ᠧ ᠶᠤᠸᠠᠨ ᠮᠠᠯ ᠠᠵᠤ ᠠᠬᠤᠢ ᠶ᠋ᠢᠨ ᠬᠢᠵᠠᠭᠠᠷᠲᠤ ᠺᠣᠮᠫᠠᠨᠢ ᠤ ᠲᠥᠯᠥᠭᠡᠯᠡᠭᠴᠢ ᠮᠧᠩ ᠬᠣᠩ ᠱᠠᠨ ᠄ ᠺᠣᠮᠫᠠᠨᠢ ᠡᠴᠡ ᠵᠠᠭᠤᠨ ᠠᠵᠤ ᠠᠬᠣᠶᠢᠯᠠᠯ ᠵᠠᠭᠤᠨ ᠲᠣᠰᠬᠣᠨ ‍ᠢ ᠬᠠᠪᠰᠤᠷᠬᠤ ᠲᠠᠯ᠎ᠠ ᠪᠠᠷ ᠮᠠᠰᠢ ᠣᠯᠠᠨ ᠠᠵᠢᠯ ᠬᠢᠵᠡᠶ ᠃ ᠬᠣᠶᠢᠰᠢᠳᠠ ᠳ᠋ᠦ ᠪᠢ ᠥᠪᠡᠷ ‍ᠦᠨ ᠠᠵᠤ ᠠᠬᠤᠶᠢᠯᠠᠯ ᠢᠶᠡᠨ ᠤᠯᠠᠮ ᠴᠢᠨᠠᠭᠰᠢᠳᠠ ᠪᠤᠵᠠᠭᠠᠶᠢᠷᠠᠭᠤᠯᠤᠨ ᠂ ᠪᠡᠭᠡᠵᠢᠩ ᠥᠪᠥᠷ ᠮᠣᠩᠭᠣᠯ ‍ᠤᠨ ᠬᠠᠪᠰᠤᠷᠤᠨ ᠲᠡᠳᠬᠦᠬᠦ ᠬᠠᠮᠵᠢᠯᠴᠠᠭ᠎ᠠ ᠶ᠋ᠢᠨ ᠠᠵᠠ ᠲᠣᠬᠢᠶᠠᠯ ‍ᠢ ᠠᠰᠢᠭᠯᠠᠵᠣ ᠂ ᠶᠠᠳᠠᠭᠤ ᠬᠦᠴᠢᠷᠳᠡᠯᠲᠡᠶ ᠡᠷᠦᠬᠡ ᠳ᠋ᠦ ᠨᠠᠩ ᠰᠠᠶᠢᠨ ᠦᠷ᠎ᠡ ᠠᠰᠢᠭ ᠠᠪᠴᠢᠷᠠᠵᠣ ᠦᠭᠭᠦᠶ᠎ᠡ ᠭᠡᠵᠣ ᠪᠣᠳᠣᠵᠣ ᠪᠠᠶᠢᠨ᠎ᠠ ᠃

     ᠠᠵᠤ ᠠᠬᠤᠢᠯᠠᠯ ᠲᠣᠰᠬᠣᠨ ᠳ᠋ᠤ ᠰᠠᠭᠣᠷᠢᠰᠢᠭᠰᠠᠨ ᠡᠴᠡ ᠠᠷᠠᠳ ᠰᠠᠨᠠᠭ᠎ᠠ ᠠᠮᠤᠷ ᠪᠣᠯᠵᠤ ᠂ ᠲᠣᠰᠬᠣᠨ ‍ᠤ ᠬᠣᠶᠠᠷ ᠵᠥᠪᠯᠡᠯ ‍ᠦᠨ ᠤᠳᠤᠷᠢᠳᠬᠤ ᠪᠠᠭ ᠴᠤ ᠲᠣᠰᠬᠣᠨ ‍ᠤ ᠬᠠᠮᠲᠤ ᠶ᠋ᠢᠨ ᠠᠵᠤ ᠠᠬᠤᠢ ᠶ᠋ᠢᠨ ᠬᠥᠭᠵᠢᠯᠲᠡ ᠶ᠋ᠢᠨ ᠴᠢᠭᠯᠡᠯ ᠢᠶᠡᠨ ᠣᠨᠣᠪᠴᠢᠲᠠᠢ ᠡᠷᠢᠭᠰᠡᠨ ᠪᠠᠶᠢᠨ᠎ᠠ ᠃

   

      ᠲᠣᠯᠣᠭᠠᠶᠢᠳᠣ ᠭᠠᠴᠠᠭᠠᠨ ‍ᠤ ᠨᠠᠮ ‍ᠤᠨ ᠡᠭᠦᠷ ‍ᠦᠨ ᠱᠦᠵᠢ ᠰᠢ ᠪᠣᠶᠠᠨᠳᠡᠯᠭᠡᠷ ᠄ ᠠᠵᠣ ᠠᠬᠣᠶᠢᠯᠠᠯ ᠮᠠᠨ ᠤ ᠭᠠᠴᠠᠭᠠᠨ ᠳ᠋ᠥ ᠰᠠᠭᠣᠷᠢᠰᠢᠭᠰᠠᠨ ᠡᠴᠡ ᠂ ᠪᠢᠳᠡ ᠰᠢᠷ᠎ᠠ ᠦᠭᠡᠷ ᠪᠡᠷ ᠭᠣᠣᠯ ᠪᠣᠯᠭᠠᠨ ᠂ ᠲᠠᠷᠠᠭᠠᠴᠢ ᠶ᠋ᠢᠨ ᠠᠯᠬᠣᠮ ᠳ᠋ᠥ ᠬᠣᠪᠢ ᠣᠷᠣᠭᠣᠯᠬᠣ ᠬᠡᠯᠪᠡᠷᠢ ᠪᠡᠷ ᠺᠣᠮᠫᠠᠨᠢ ᠲᠠᠢ ᠬᠠᠮᠳᠣᠷᠠᠯᠴᠠᠨ ᠂ ᠬᠠᠮᠳᠣ ᠶ᠋ᠢᠨ ᠠᠵᠣ ᠠᠬᠣᠢ ᠵᠢ ᠬᠦᠭᠵᠢᠬᠦᠯᠬᠦ ᠬᠡᠵᠣ ᠪᠣᠳᠣᠵᠣ ᠪᠠᠶᠢᠨ᠎ᠠ ᠃
ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ