ᠣᠯᠢᠶᠠᠰᠣ ᠰᠢᠶᠠᠩ ᠤᠨ 1.5 ᠲᠦᠮᠡᠨ ᠮᠦ ᠤᠰᠤᠨ ᠲᠤᠲᠤᠷᠭ᠎ᠠ ᠡᠯᠪᠡᠭ ᠬᠤᠷᠢᠶᠠᠯᠲᠠ ᠣᠯᠣᠭᠰᠠᠨ

ᠣᠩᠰᠢᠭᠰᠠᠨ ᠤᠳᠠᠭ᠎ᠠ ᠄ 1205     ᠨᠡᠶᠢᠳᠡᠯᠡᠭᠰᠡᠨ ᠴᠠᠭ ᠄ 2019/10/15 9:03:57

     ᠣᠳᠣ ᠶᠠᠭ ᠰᠠᠶᠢᠬᠠᠨ ᠤᠰᠤᠨ ᠲᠤᠲᠤᠷᠭ᠎ᠠ ᠬᠠᠳᠤᠵᠤ ᠬᠤᠷᠢᠶᠠᠬᠤ ᠤᠯᠠᠷᠢᠯ ᠪᠠᠶᠢᠵᠣ ᠂ ᠣᠯᠢᠶᠠᠰᠣ ᠰᠢᠶᠠᠩ ‍ᠤᠨ ᠲᠤᠲᠤᠷᠭᠠᠨ ᠲᠠᠷᠢᠶᠠᠴᠢᠳ ᠠᠰᠢᠭᠲᠠᠢ ᠲᠣᠬᠢᠶᠠᠯ ‍ᠢ ᠠᠮᠵᠢᠨ ᠂ ᠡᠨᠡ ᠵᠢᠯ ‍ᠦᠨ ᠤᠰᠤᠨ ᠲᠤᠲᠤᠷᠭ᠎ᠠ ᠬᠠᠳᠤᠵᠤ ᠬᠤᠷᠢᠶᠠᠬᠤ ᠠᠵᠢᠯ ᠢᠶᠡᠨ ᠡᠬᠢᠯᠡᠭᠦᠯᠦᠭᠰᠡᠨ ᠪᠠᠶᠢᠨ᠎ᠠ ᠃

     

      ᠣᠯᠢᠶᠠᠰᠣ ᠰᠢᠶᠠᠩ ᠨᠠᠷᠢᠳ ᠤᠨ ᠭᠣᠣᠯ ᠪᠠ ᠯᠣᠣᠬ᠎ᠠ ᠶ᠋ᠢᠨ ᠭᠣᠣᠯ ‍ᠤᠨ ᠰᠠᠪᠠ ᠭᠠᠵᠠᠷ ᠪᠠᠶᠢᠷᠢᠰᠢᠵᠣ ᠪᠠᠶᠢᠭ᠎ᠠ ᠪᠣᠯᠬᠣᠷ ᠬᠥᠷᠥᠰᠥ ᠰᠢᠷᠣᠶ ᠥᠭ ᠰᠢᠮᠡᠯᠢᠭ ᠪᠠᠶᠢᠳᠠᠭ ᠃ ᠣᠯᠢᠶᠠᠰᠣ ᠰᠢᠶᠠᠩ ᠵᠦᠪ ᠣᠨᠣᠪᠴᠢᠲᠠᠢ ᠪᠠᠶᠢᠯᠳᠤᠬᠤ ᠪᠣᠳᠣᠯᠭ᠎ᠠ ᠶ᠋ᠢ ᠠᠰᠢᠭᠯᠠᠨ ᠂ ᠰᠢᠨᠵᠢᠯᠡᠬᠦ ᠤᠬᠠᠭᠠᠨᠴᠢ ᠠᠷᠭ᠎ᠠ ᠪᠠᠷ  ᠰᠢᠯᠢᠳᠡᠭ ᠡᠭᠦᠯᠳᠡᠷ ᠤᠨ ᠲᠤᠲᠤᠷᠭ᠎ᠠ ᠶ᠋ᠢᠨ ᠠᠵᠤ ᠦᠶ᠋ᠯᠡᠰ ‍ᠢ ᠴᠣᠭᠴᠠᠯᠠᠵᠤ ᠂ 《 ᠸᠧᠶ ᠳ᠋ᠠ 》 ᠲᠡᠮᠳᠡᠭᠲᠦ ᠴᠢᠨᠠᠷ ᠰᠠᠶᠢᠲᠠᠶ ᠲᠤᠲᠤᠷᠭ᠎ᠠ ᠦᠢᠯᠡᠳᠪᠦᠷᠢᠯᠡᠨ ᠂ ᠣᠷᠣᠨ ᠨᠤᠲᠤᠭ ‍ᠤᠨ ᠠᠵᠤ ᠠᠬᠤᠢ ᠶ᠋ᠢᠨ ᠨᠡᠮᠡᠭᠳᠡᠯ  ᠪᠠ ᠲᠠᠷᠢᠶᠠᠴᠢᠳ ‍ᠤᠨ ᠣᠷᠣᠯᠭ᠎ᠠ ᠶ᠋ᠢᠨ ᠨᠡᠮᠡᠭᠳᠡᠯ ᠳ᠋ᠦ ᠰᠢᠨ᠎ᠡ ᠠᠷᠭ᠎ᠠ ᠵᠠᠮ ‍ᠢ ᠨᠡᠭᠡᠭᠡᠵᠦ ᠥᠭᠴᠡᠶ ᠃

     

     ᠣᠯᠢᠶᠠᠰᠣ ᠰᠢᠶᠠᠩ ‍ᠤᠨ ᠰᠢᠩ ᠠᠨ ᠵᠤᠸᠠᠩ ᠲᠣᠰᠬᠣᠨ ᠳ᠋ᠤ ᠂ ᠨᠠᠮ ‍ᠤᠨ ᠡᠭᠦᠷ ‍ᠦᠨ ᠱᠦᠵᠢ ᠳᠠᠩ ᠯᠢ ᠮᠢᠨ ᠶᠠᠭ ᠲᠣᠰᠬᠣᠨ ‍ᠤ ᠠᠷᠠᠳ ᠢᠶᠡᠨ ᠳᠠᠭᠠᠭᠤᠯᠤᠨ ᠲᠤᠲᠤᠷᠭᠠᠨ ᠲᠠᠷᠢᠶ᠎ᠠ ᠪᠠᠨ ᠬᠠᠳᠤᠵᠤ ᠂ ᠲᠤᠲᠤᠷᠭᠠᠨ ᠲᠠᠷᠢᠶᠠᠨ ᠳ᠋ᠥ ᠡᠨᠡ ᠨᠢᠭᠡ ᠵᠢᠯ ‍ᠦᠨ ᠡᠯᠪᠡᠭ ᠬᠤᠷᠢᠶᠠᠯᠲᠠ ᠶ᠋ᠢᠨ ᠪᠠᠶᠢᠳᠠᠯ ᠲᠣᠳᠣᠷᠠᠨ᠎ᠠ ᠃

    ᠰᠢᠩ ᠠᠨ ᠵᠤᠸᠠᠩ ᠲᠣᠰᠬᠣᠨ ‍ᠤ ᠨᠠᠮ ‍ᠤᠨ ᠡᠭᠦᠷ ‍ᠦᠨ ᠱᠦᠵᠢ ᠳᠠᠩ ᠯᠢ ᠮᠢᠨ ᠄  ᠣᠨᠢᠨ ᠲᠡᠭᠡᠷ᠎ᠡ ᠨᠢ ᠶᠠᠳᠠᠭᠣ ᠵᠢ ᠲᠡᠳᠬᠦᠬᠦ ᠲᠥᠷᠥᠯ  ᠵᠦᠢᠯ ᠳ᠋ᠦ ᠲᠦᠰᠢᠭᠯᠡᠨ ᠂ ᠡᠨᠡ ᠵᠢᠯ ᠮᠠᠨ ‍ᠤ ᠲᠣᠰᠬᠣᠨ ᠬᠠᠮᠲᠤ ᠶ᠋ᠢᠨ ᠴᠢᠬᠢ ᠪᠣᠶᠢᠵᠢᠭᠤᠯᠬᠤ ᠲᠣᠮᠣ ᠫᠧᠩ ‍ᠦᠨ ᠲᠥᠷᠥᠯ  ᠵᠦᠢᠯ ‍ᠢ ᠨᠡᠮᠡᠭᠳᠡᠭᠦᠯᠦᠭᠰᠡᠨ ᠪᠠᠶᠢᠨ᠎ᠠ ᠃ ᠨᠡᠶᠢᠲᠡ 6000 ᠲᠡᠭᠰᠢ ᠳᠥᠷᠪᠡᠯᠵᠢᠨ ᠮᠧᠲ᠋ᠷ ᠪᠠᠶᠢᠵᠤ ᠂ 1000 ᠮᠦ ᠲᠠᠷᠢᠶ᠎ᠠ ᠤ ᠴᠢᠬᠢ ᠬᠠᠩᠭᠠᠨ ᠂ ᠡᠭᠦᠨ ᠢᠶᠠᠷ ᠲᠠᠮᠵᠢᠨ ᠂ ᠮᠠᠨ ‍ᠤ ᠲᠣᠰᠬᠣᠨ ᠳ᠋ᠤ ᠮᠠᠰᠢ ᠣᠯᠠᠨ ᠬᠥᠳᠡᠯᠮᠦᠷᠢ ᠬᠦᠴᠦ ᠶ᠋ᠢ ᠠᠷᠪᠢᠯᠠᠵᠤ ᠥᠭᠭᠦᠭᠰᠡᠨ ᠪᠥᠭᠡᠳ ᠪᠠᠰᠠ ᠨᠢᠭᠡ ᠪᠦᠯᠦᠭ ᠶᠠᠳᠠᠭᠤ ᠬᠦᠴᠢᠷᠳᠡᠯᠲᠡᠶ ᠡᠷᠦᠬᠡ ᠶ᠋ᠢ ᠲᠠᠶᠢᠴᠢᠯᠠᠭᠰᠠᠨ ᠪᠠᠶᠢᠨ᠎ᠠ ᠃ ᠡᠨᠡ ᠵᠢᠯ ᠪᠢᠳᠡ ᠠᠷᠠᠳ ᠡᠴᠡ 200 ᠲᠥᠭᠥᠷᠢᠭ ᠵᠣᠭᠣᠰ ᠬᠤᠷᠢᠶᠠᠵᠤ ᠂ ᠬᠠᠮᠲᠤ ᠪᠠᠷ ᠴᠢᠬᠢ ᠪᠣᠶᠢᠵᠢᠭᠣᠯᠣᠨ ᠂ ᠨᠢᠭᠡᠳᠦᠯᠲᠡᠶ ᠴᠢᠬᠢ ᠬᠠᠩᠭᠠᠵᠤ ᠂ ᠬᠠᠮᠲᠤ ᠪᠠᠷ ᠴᠢᠬᠢ ᠰᠠᠭᠤᠯᠭᠠᠬᠤ ᠶ᠋ᠢ ᠬᠠᠷᠢᠭᠤᠴᠠᠨ᠎ᠠ ᠃ ᠤᠨᠢᠨ ᠳᠡᠭᠡᠷ᠎ᠡ ᠨᠢ ᠶᠠᠳᠠᠭᠤ ᠶ᠋ᠢ ᠲᠡᠳᠬᠦᠬᠦ ᠲᠠᠯ᠎ᠠ ᠪᠠᠷ ᠪᠦᠬᠦ ᠰᠢᠶᠠᠩ ‍ᠤᠨ ᠶᠠᠳᠠᠭᠤ ᠶ᠋ᠢ ᠲᠡᠳᠬᠦᠬᠦ ᠡᠷᠦᠬᠡ ᠶ᠋ᠢ ᠳᠠᠶᠢᠴᠢᠯᠠᠵᠤ ᠂ ᠲᠣᠰ ᠲᠣᠰᠬᠣᠨ ‍ᠤ ᠤᠨᠢᠨ ᠳᠡᠭᠡᠷ᠎ᠡ ᠨᠢ ᠶᠠᠳᠠᠭᠤ ᠶ᠋ᠢ ᠲᠡᠳᠬᠦᠬᠦ ᠡᠷᠦᠬᠡ ᠪᠦᠷᠢ ᠶ᠋ᠢᠨ 200 ᠲᠥᠭᠥᠷᠢᠭ ‍ᠦᠨ ᠵᠣᠭᠣᠰ ‍ᠢ ᠴᠤ ᠬᠤᠷᠢᠶᠠᠭᠰᠠᠨ ᠦᠭᠡᠢ ᠂ ᠰᠢᠭᠤᠳ ᠲᠡᠭᠦᠨ ᠳ᠋ᠦ  ᠰᠦᠢᠳᠭᠡᠯ ᠬᠤᠷᠢᠶᠠᠬᠤ ᠦᠭᠡᠢ ᠪᠡᠷ ᠴᠢᠬᠢ ᠬᠠᠩᠭᠠᠨ ᠥᠭᠴᠦ ᠂ ᠡᠨᠡ ᠬᠡᠰᠡᠭ ᠶᠡᠬᠡ ᠫᠧᠩ ᠡᠴᠡ ᠬᠠᠮᠲᠤ ᠶ᠋ᠢᠨ ᠠᠵᠤ ᠠᠬᠤᠢ ᠶ᠋ᠢᠨ ᠣᠷᠣᠯᠭ᠎ᠠ ᠳ᠋ᠥ 48300 ᠲᠥᠭᠥᠷᠢᠭ ᠬᠦᠷᠭᠡᠭᠰᠡᠨ ᠪᠠᠶᠢᠨ᠎ᠠ ᠃ ᠲᠣᠮᠣ ᠫᠧᠩ ᠳ᠋ᠦ ᠡᠳᠦᠷ ᠪᠦᠷᠢ ᠳᠥᠴᠢ ᠲᠠᠪᠢᠨ ᠬᠥᠮᠦᠨ ᠠᠵᠢᠯᠯᠠᠵᠤ ᠪᠠᠶᠢᠬᠣ ᠪᠥᠭᠡᠳ ᠪᠠᠰᠠ ᠠᠷᠠᠳ ᠲᠦ ᠪᠠᠰᠠ ᠪᠠᠭ᠎ᠠ ᠪᠣᠰᠣ ᠣᠷᠣᠯᠭ᠎ᠠ ᠠᠪᠴᠢᠷᠠᠵᠣ ᠦᠭᠭᠦᠭᠰᠡᠨ ᠪᠠᠶᠢᠨ᠎ᠠ ᠃

       

    ᠡᠨᠡ ᠵᠢᠯ ᠂ ᠣᠯᠢᠶᠠᠰᠣ ᠰᠢᠶᠠᠩ ᠶᠠᠳᠠᠭᠤ ᠶ᠋ᠢ ᠲᠡᠳᠬᠦᠬᠦ ᠲᠥᠷᠥᠯ ᠵᠦᠢᠯ ᠳ᠋ᠦ ᠲᠦᠰᠢᠭᠯᠡᠨ ᠂ ᠦᠪᠦᠩ ᠤᠨ ᠲᠠᠯ᠎ᠠ ᠲᠣᠰᠬᠣᠨ ᠂ ᠳ᠋ᠠ ᠯᠢᠨ ᠽᠢ ᠲᠣᠰᠬᠣᠨ ᠂ ᠵᠡᠭᠦᠨ ᠨᠠᠢᠮᠠᠨ ᠶᠢᠩᠽᠢ ᠲᠣᠰᠬᠣᠨ ᠪᠣᠯᠤᠨ ᠰᠢᠩ ᠠᠨ ᠵᠤᠸᠠᠩ  ᠵᠡᠷᠭᠡ 4 ᠲᠣᠰᠬᠣᠨ ᠳ᠋ᠤ ᠂ 2.4 ᠲᠦᠮᠡᠨ ᠲᠡᠭᠰᠢ ᠳᠥᠷᠪᠡᠯᠵᠢᠨ ᠮᠧᠲ᠋ᠷ ‍ᠦᠨ ᠨᠡᠷᠡᠨ ᠭᠡᠷᠡᠯ ‍ᠦᠨ ᠬᠦᠯᠡᠮᠵᠢ ᠶ᠋ᠢᠨ ᠤᠰᠤᠨ ᠲᠤᠲᠤᠷᠭ᠎ᠠ ᠶ᠋ᠢᠨ ᠴᠢᠬᠢ ᠪᠣᠶᠢᠵᠢᠭᠤᠯᠬᠤ ᠲᠣᠮᠣ ᠫᠧᠩ ‍ᠢ 48 ᠰᠠᠭᠤᠷᠢ ᠪᠠᠶᠢᠭᠤᠯᠵᠤ ᠂ ᠴᠢᠬᠢ ᠪᠣᠶᠢᠵᠢᠭᠤᠯᠬᠤ ᠪᠠᠷ ᠲᠠᠮᠵᠢᠨ ᠂ ᠤᠰᠤᠨ ᠲᠤᠲᠤᠷᠭ᠎ᠠ ᠶ᠋ᠢᠨ ᠲᠥᠷᠥᠯ  ᠵᠦᠢᠯ ‍ᠢ ᠰᠠᠶᠢᠵᠢᠷᠠᠭᠤᠯᠵᠤ ᠂ ᠴᠢᠬᠢ ᠪᠣᠶᠢᠵᠢᠭᠤᠯᠬᠤ ᠥᠪᠡᠷ ‍ᠦᠨ ᠥᠷᠲᠡᠭ ‍ᠢ ᠪᠠᠭᠠᠰᠬᠠᠨ ᠂ ᠲᠣᠰ ᠭᠠᠵᠠᠷ ‍ᠤᠨ ᠤᠰᠤᠨ ᠲᠤᠲᠤᠷᠭ᠎ᠠ ᠶ᠋ᠢᠨ ᠲᠥᠷᠥᠯ ᠲᠡᠮᠳᠡᠭ ‍ᠢ ᠨᠠᠩ ᠰᠠᠶᠢᠲᠤᠷ  ᠴᠣᠭᠴᠠᠯᠠᠭᠰᠠᠨ ᠪᠠᠶᠢᠨ᠎ᠠ ᠃

   

     ᠰᠢᠩ ᠠᠨ ᠵᠤᠸᠠᠩ ᠲᠣᠰᠬᠣᠨ ‍ᠤ ᠠᠷᠠᠳ ᠶᠢᠨ ᠵᠢᠶᠠᠨ ᠭᠤᠸᠠᠩ ᠄ ᠥᠨᠥᠳᠥᠷ ᠮᠢᠨᠦ 3 ᠮᠦ ᠲᠠᠷᠢᠶ᠎ᠠ ᠶ᠋ᠢ ᠬᠤᠷᠢᠶᠠᠵᠠᠶ ᠂ ᠡᠨᠡ ᠵᠢᠯ ᠪᠢᠳᠡ ᠬᠠᠮᠲᠤ ᠪᠠᠷ ᠴᠢᠬᠢ ᠪᠣᠶᠢᠵᠢᠭᠣᠯᠣᠭᠰᠠᠨ ᠨᠢ ᠣᠷᠢᠳᠣ ᠬᠢ ᠲᠠᠢ ᠬᠠᠷᠢᠴᠠᠭᠣᠯᠪᠠᠯ ᠂ ᠬᠥᠮᠦᠨ ‍ᠦ ᠬᠦᠴᠦ ᠶ᠋ᠢ ᠠᠷᠪᠢᠯᠠᠬᠣ ᠪᠡᠷ ᠪᠠᠷᠠᠬᠣ ᠦᠭᠡᠢ ᠵᠣᠭᠣᠰ ‍ᠢ ᠴᠦ ᠠᠷᠪᠢᠯᠠᠵᠠᠶ ᠃ ᠵᠢᠯ ᠪᠦᠷᠢ ᠴᠢᠬᠢ ᠪᠣᠶᠢᠵᠢᠭᠤᠯᠬᠤ ᠦᠶ᠎ᠡ ᠪᠡᠷ ᠂ ᠴᠠᠭ ᠢᠶᠡᠨ ᠡᠷᠬᠡᠪᠰᠢ ᠨᠠᠷᠢᠨ ᠨᠢᠮᠪᠠᠶ  ᠵᠣᠬᠢᠴᠠᠭᠣᠯᠣᠭᠰᠠᠨ ᠪᠠᠶᠢᠬᠣ ᠬᠡᠷᠡᠭᠲᠡᠢ ᠂ ᠬᠡᠷᠪᠡ  ᠴᠠᠭ ᠪᠠᠨ ᠵᠦᠪ ᠵᠣᠬᠢᠴᠠᠯᠠᠭᠣᠯᠣᠭ᠎ᠠ ᠦᠭᠡᠢ ᠂ ᠠᠭᠤᠷ ᠠᠮᠢᠰᠬᠤᠯ ᠳᠡᠩᠳᠡᠭᠦᠦ ᠬᠠᠯᠠᠭᠤᠨ ᠪᠣᠯᠪᠠᠯ ᠂ ᠴᠢᠬᠢ  ᠪᠠᠨ ᠪᠦᠷ ᠠᠯᠳᠠᠴᠢᠬᠠᠨ᠎ᠠ ᠃ ᠤᠳᠤ ᠬᠠᠮᠲᠤ ᠪᠠᠷ ᠴᠢᠬᠢ ᠪᠣᠶᠢᠵᠢᠭᠣᠯᠣᠭᠰᠠᠨ ᠡᠴᠡ ᠪᠢᠳᠡ ᠴᠢᠯᠥᠭᠡ ᠴᠠᠭ ᠲᠠᠭᠠᠨ ᠬᠦᠯᠦᠰᠦᠨ ᠠᠵᠢᠯ ᠬᠢᠵᠣ ᠪᠠᠰᠠ ᠨᠢᠭᠡ ᠬᠣᠪᠢ ᠣᠷᠣᠯᠭ᠎ᠠ ᠣᠯᠣᠨ᠎ᠠ ᠃

    

ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ