ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠮᠦᠽᠧᠶ ᠨᠡᠭᠡᠭᠡᠭᠳᠡᠬᠦ ᠪᠣᠯᠣᠯ᠎ᠠ

ᠣᠩᠰᠢᠭᠰᠠᠨ ᠤᠳᠠᠭ᠎ᠠ ᠄ 4341     ᠨᠡᠶᠢᠳᠡᠯᠡᠭᠰᠡᠨ ᠴᠠᠭ ᠄ 2019/10/14 16:34:06

      10 ᠰᠠᠷ᠎ᠠ ᠶ᠋ᠢᠨ 16 ‍ᠦ ᠡᠳᠦᠷ ᠂ ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠮᠦᠽᠧᠶ ᠨᠡᠭᠡᠭᠡᠭᠳᠡᠬᠦ ᠪᠣᠯᠣᠯ᠎ᠠ ᠃
      ᠣᠶᠢᠯᠠᠭᠠᠯᠳᠠ ᠪᠡᠷ ᠂ ᠲᠣᠰ ᠮᠦᠽᠧᠶ ᠳ᠋ᠥ ᠬᠣᠶᠠᠷ ᠵᠦᠢᠯ ᠤᠨ ᠡᠷᠳᠡᠨᠢ ᠪᠣᠢ ᠄《 ᠴᠢᠩᠭᠢᠰ ᠬᠠᠭᠠᠨ ‍ᠤ ᠠᠯᠲᠠᠨ ᠬᠡᠷᠡᠭᠡ 》 ᠪᠣᠯᠣᠨ《 ᠶᠡᠭᠡ ᠬᠠᠨ ᠤ ᠬᠠᠰ ᠲᠠᠮᠠᠭ᠎ᠠ 》 ᠪᠣᠯᠣᠨ᠎ᠠ ᠃ ᠡᠨᠡᠭᠦ ᠣᠯᠣᠰ ᠤᠨ ᠪᠠᠭᠰᠢ ᠭᠡᠵᠣ ᠬᠡᠨ ‍ᠢ ᠬᠡᠯᠡᠬᠦ ᠪᠣᠢ ᠭᠡᠪᠡᠯ ᠂ ᠲᠠᠷᠣᠢ ᠲᠠᠳᠠᠲᠣᠩᠭ᠎ᠠ ᠪᠣᠯᠣᠨ᠎ᠠ ᠃ ᠲᠡᠭᠡᠪᠡᠯ ᠲᠠᠳᠠᠲᠣᠩᠭ᠎ᠠ ᠭᠡᠵᠣ ᠬᠡᠨ ᠪᠣᠢ ︖ ᠠᠯᠲᠠᠨ ᠬᠡᠷᠡᠭᠡ ᠪᠠ ᠬᠠᠰ ᠲᠠᠮᠠᠭ᠎ᠠ ᠴᠤᠬᠤᠮ ᠶᠠᠮᠠᠷ ᠰᠢᠣ ᠬᠣᠯᠪᠣᠭ᠎ᠠ ᠲᠠᠢ ᠪᠣᠯ ︖        
    
      ᠲᠠᠳᠠᠲᠣᠩᠭ᠎ᠠ ᠄ ᠣᠳᠣ ᠶ᠋ᠢᠨ ᠬᠡᠷᠡᠭᠯᠡᠵᠦ ᠪᠠᠶᠢᠭ᠎ᠠ ᠣᠶᠢᠭᠣᠷᠵᠢᠨ ᠮᠣᠩᠭᠣᠯ ᠦᠰᠦᠭ ᠪᠢᠴᠢᠭ ‍ᠦᠨ ᠡᠭᠦᠳᠦᠭᠴᠢ ᠪᠣᠯᠤᠨ᠎ᠠ ᠃ 1204 ᠣᠨ ᠳ᠋ᠤ ᠂ ᠴᠢᠩᠭᠢᠰ ᠬᠠᠭᠠᠨ ᠬᠦᠴᠦᠷᠬᠡᠭ ᠶᠡᠬᠡ ᠮᠣᠩᠭᠣᠯ ᠮᠣᠷᠢᠲᠤ ᠴᠡᠷᠢᠭ ᠢᠶᠡᠨ ᠲᠠᠶᠢᠴᠢᠯᠠᠨ  ᠨᠠᠢᠮᠠᠨ ᠠᠶᠢᠮᠠᠭ ‍ᠢ ᠡᠵᠡᠯᠡᠭᠰᠡᠨ ᠤ ᠲᠠᠷᠠᠭ᠎ᠠ ᠂ ᠴᠢᠳᠠᠪᠤᠷᠢᠲᠠᠨ ‍ᠢ ᠬᠦᠨᠳᠦᠳᠭᠡᠨ ᠂ ᠲᠠᠳᠠᠲᠣᠩᠭ᠎ᠠ ᠶ᠋ᠢ ᠢᠳᠡᠪᠬᠢᠲᠡᠢ ᠢᠳᠬᠠᠨ ᠬᠣᠪᠢ ᠪᠡᠶ᠎ᠡ ᠳ᠋ᠡᠭᠡᠨ ᠦᠢᠯᠡᠴᠢᠯᠡᠭᠦᠯᠵᠣ ᠂ ᠲᠡᠭᠦᠨ ‍ᠢ ᠬᠠᠭᠠᠨ ‍ᠤ ᠡᠮᠦᠨᠡᠬᠢ ᠶᠡᠬᠡ ᠰᠠᠶᠢᠳ ᠢᠶᠠᠷ ᠲᠣᠮᠢᠯᠠᠨ ᠂ ᠬᠠᠭᠠᠨ ᠤ ᠶᠡᠭᠡ ᠲᠠᠮᠠᠭ᠎ᠠ ᠪᠠᠨ ᠬᠠᠮᠢᠶᠠᠷᠤᠭᠤᠯᠵᠠᠶ ᠃ ᠴᠢᠩᠭᠢᠰ ᠬᠠᠭᠠᠨ ᠲᠠᠲᠠᠳᠤᠩᠭ᠎ᠠ ᠶ᠋ᠢᠨ ᠦᠨᠳᠦᠰᠦᠲᠡᠨ ‍ᠦ ᠣᠶᠢᠭᠣᠷᠵᠢᠨ ᠮᠣᠩᠭᠣᠯ ᠦᠰᠦᠭ ᠪᠢᠴᠢᠭ  ᠲᠦ ᠨᠡᠪᠳᠡᠷᠬᠡᠢ ᠪᠠᠶᠢᠬᠣ ᠵᠢ ᠣᠶᠢᠯᠠᠭᠠᠭᠰᠠᠨ ᠤ ᠲᠠᠷᠠᠭ᠎ᠠ ᠂ ᠲᠠᠭᠦᠨ ᠢᠶᠠᠷ ᠮᠣᠩᠭᠣᠯ ᠦᠰᠦᠭ ᠪᠢᠴᠢᠭ ᠵᠣᠬᠢᠶᠠᠯᠭᠠᠬᠤ ᠵᠢ ᠵᠣᠷᠢᠭᠰᠠᠨ ᠪᠠᠶᠢᠨ᠎ᠠ ᠃ ᠲᠠᠲᠠᠳᠤᠩᠭ᠎ᠠ ᠥᠪᠡᠷ ‍ᠦᠨ ᠭᠦᠨ ᠵᠤᠵᠠᠭᠠᠨ ᠤᠶᠢᠭᠤᠷ ᠬᠡᠯᠡᠨ ‍ᠦ ᠪᠣᠯᠪᠠᠰᠤᠷᠠᠯ ᠪᠠ ᠡᠯᠪᠡᠭ ᠪᠠᠶᠠᠯᠢᠭ ᠮᠣᠩᠭᠣᠯ ᠬᠡᠯᠡᠨ ‍ᠦ ᠮᠡᠳᠡᠯᠭᠡ ᠪᠡᠨ ᠠᠰᠢᠭᠯᠠᠨ ᠂ ᠣᠶᠤᠨ ᠤᠬᠠᠭᠠᠨ ᠢᠶᠡᠨ ᠲᠦᠰᠢᠭᠯᠡᠵᠦ ᠪᠠᠶᠢᠭᠠᠳ ᠡᠴᠦᠰ ᠲᠡᠬᠡᠨ ᠣᠶᠢᠭᠣᠷᠵᠢᠨ ᠮᠣᠩᠭᠣᠯ ᠦᠰᠦᠭ ᠪᠢᠴᠢᠭ ᠢᠶᠠᠷ ᠰᠠᠭᠤᠷᠢ ᠪᠣᠯᠭᠠᠭᠰᠠᠨ ᠮᠣᠩᠭᠣᠯ ᠠᠪᠢᠶᠠᠨ ‍ᠤ ᠦᠰᠦᠭ ᠪᠢᠴᠢᠭ ‍ᠢ ᠡᠭᠦᠳᠦᠨ ᠪᠦᠳᠦᠭᠡᠭᠰᠡᠨ ᠪᠠᠶᠢᠨ᠎ᠠ ᠃ ᠲᠡᠷᠡ ᠪᠠᠰᠠ ᠮᠣᠩᠭᠣᠯ ᠦᠨᠳᠦᠰᠦᠲᠡᠨ ᠳ᠋ᠦ ᠨᠢᠭᠡ ᠪᠦᠯᠦᠭ ᠠᠩᠬᠠᠨ ‍ᠤ ᠰᠡᠬᠡᠭᠡᠲᠡᠨ ‍ᠢ ᠬᠥᠮᠦᠵᠢᠭᠦᠯᠵᠦ ᠥᠭᠴᠡᠶ ᠃ ᠢᠩᠭᠢᠭᠡᠳ ᠮᠣᠩᠭᠣᠯ ᠦᠰᠦᠭ ᠪᠢᠴᠢᠭ ᠤᠳᠠᠯ ᠦᠭᠡᠢ ᠮᠣᠩᠭᠣᠯ ᠦᠨᠳᠦᠰᠦᠲᠡᠨ ‍ᠦ ᠳᠤᠮᠳᠠ ᠣᠯᠠᠮᠵᠢᠯᠠᠭᠳᠡᠨ ᠂ ᠥᠨᠥᠳᠥᠷ ᠪᠣᠯᠲᠠᠯ᠎ᠠ ᠭᠡᠷᠡᠭᠯᠡᠭᠳᠡᠵᠣ ᠂ ᠳᠤᠮᠳᠠᠳᠤ ᠤᠯᠤᠰ ᠪᠠ ᠳᠡᠯᠡᠬᠡᠶ ᠳ᠋ᠠᠬᠢᠨ ᠳ᠋ᠤ ᠠᠯᠤᠰ ᠬᠡᠲᠦ ᠶ᠋ᠢᠨ ᠨᠥᠯᠥᠭᠡ ᠦᠵᠡᠭᠦᠯᠦᠭᠰᠡᠨ ᠪᠠᠶᠢᠨ᠎ᠠ ᠃

     

   《 ᠬᠠᠭᠠᠨ ᠤ ᠵᠠᠷᠯᠢᠭ ᠤᠨ ᠠᠯᠲᠠᠨ ᠬᠡᠷᠡᠭᠡ 》ᠪᠣᠯ ᠤᠳᠤ ᠪᠣᠯᠲᠠᠯᠠᠬᠢ ᠳᠡᠯᠡᠬᠡᠶ ᠳᠡᠭᠡᠷᠡᠬᠢ ᠴᠣᠷ ᠤᠨ ᠭᠠᠭᠴᠠ ᠫᠠᠭᠪᠠ ᠬᠡᠯᠡᠨ ‍ᠦ ᠬᠠᠭᠠᠨ ᠤ ᠵᠠᠷᠯᠢᠭ ᠤᠨ ᠠᠯᠲᠠᠨ ᠬᠡᠷᠡᠭᠡ ᠪᠣᠯᠣᠨ᠎ᠠ ᠃ ᠲᠣᠰ ᠠᠯᠲᠠᠨ ᠬᠡᠷᠡᠭᠡ ᠶ᠋ᠢᠨ ᠬᠦᠨᠳᠦ ᠨᠢ 348 ᠭᠷᠠᠮ ᠂ ᠤᠷᠳᠤ ᠨᠢ 25.7 ᠰᠠᠨᠲ᠋ᠢᠮᠧᠲ᠋ᠷ ᠂ ᠥᠷᠭᠡᠨ ᠨᠢ 8.1 ᠰᠠᠨᠲ᠋ᠢᠮᠧᠲ᠋ᠷ ᠂ ᠵᠤᠵᠠᠭᠠᠨ ᠨᠢ 0.1 ᠰᠠᠨᠲ᠋ᠢᠮᠧᠲ᠋ᠷ ᠂ ᠭᠠᠳᠠᠭᠠᠳᠣ ᠳ᠋ᠢᠶᠠᠮᠧᠲ᠋ᠷ ᠨᠢ 5 ᠰᠠᠨᠲ᠋ᠢᠮᠧᠲ᠋ᠷ ᠂ ᠳᠣᠲᠣᠭᠠᠳᠤ ᠳ᠋ᠢᠶᠠᠮᠧᠲ᠋ᠷ ᠨᠢ 2 ᠰᠠᠨᠲ᠋ᠢᠮᠧᠲ᠋ᠷ ᠪᠠᠶᠢᠵᠣ ᠂ ᠲᠡᠭᠡᠷ᠎ᠡ ᠨᠢ《张字九十六号 》 ᠭᠡᠬᠦ ᠵᠢᠷᠭᠤᠭᠠᠨ ᠬᠢᠲᠠᠳ ᠦᠰᠦᠭ ᠶ᠋ᠢᠨ ᠰᠡᠶᠢᠯᠣᠮᠡᠯ ᠲᠠᠢ ᠃

   

ᠢᠷᠡᠯᠳᠡ᠄ ᠨᠠᠶᠢᠷᠠᠭᠤᠯᠤᠭᠴᠢ᠄