ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠮᠦᠽᠧᠶ ᠵᠢ ᠶᠠᠭᠤᠨ ᠳ᠋ᠤ ᠨᠠᠢᠮᠠᠨ ᠳ᠋ᠦ ᠪᠠᠶᠢᠭᠤᠯᠤᠭᠰᠠᠨ ᠪᠣᠶ ︖

ᠣᠩᠰᠢᠭᠰᠠᠨ ᠤᠳᠠᠭ᠎ᠠ ᠄ 712     ᠨᠡᠶᠢᠳᠡᠯᠡᠭᠰᠡᠨ ᠴᠠᠭ ᠄ 2019/10/14 15:49:20

   ᠨᠠᠢᠮᠠᠨ ᠬᠣᠰᠢᠭᠤ ᠪᠣᠯ ᠥᠪᠥᠷ ᠮᠣᠩᠭᠣᠯ ‍ᠤᠨ ᠦᠪᠡᠷᠳᠡᠭᠡᠨ ᠵᠠᠰᠠᠬᠣ ᠣᠷᠣᠨ ᠤ ᠲᠦᠩᠯᠢᠶᠣᠤ ᠬᠣᠲᠠ ᠶ᠋ᠢᠨ ᠪᠠᠷᠠᠭᠤᠨ ᠬᠡᠰᠡᠭ ᠂ ᠬᠣᠷᠴᠢᠨ ‍ᠤ ᠡᠯᠡᠰᠦᠷᠬᠡᠭ ᠭᠠᠵᠠᠷ ᠲᠤ ᠪᠠᠶᠢᠷᠢᠯᠠᠵᠤ ᠪᠣᠶ ᠃ ᠡᠯᠪᠡᠭ ᠪᠠᠶᠠᠯᠢᠭ ᠰᠣᠶᠣᠯ ᠢᠷᠭᠡᠨᠰᠢᠯ ᠂ ᠲᠡᠦᠬᠡ ᠂ ᠪᠠᠶᠢᠭᠠᠯᠢ ᠵᠡᠷᠭᠡ ᠣᠯᠠᠨ ᠲᠠᠯ᠎ᠠ ᠶ᠋ᠢᠨ ᠰᠣᠶᠣᠯ ᠵᠤᠭᠠᠴᠠᠯ ‍ᠤᠨ ᠡᠬᠢ ᠪᠠᠶᠠᠯᠢᠭ ᠲᠠᠶ ᠪᠠᠶᠢᠵᠣ ᠂ ᠲᠡᠦᠭᠡ ᠶ᠋ᠢᠨ ᠲᠡᠮᠳᠡᠭᠯᠡᠯ ‍ᠢ ᠦᠨᠳᠦᠰᠦᠯᠡᠪᠡᠯ ᠂ ᠡᠷᠲᠡᠨ ‍ᠦ ᠨᠠᠢᠮᠠᠨ ᠠᠶᠢᠮᠠᠭ ᠡᠴᠠ ᠢᠷᠡᠯ ᠲᠠᠢ ᠂ 1204 ᠣᠨ ᠳ᠋ᠤ ᠂ ᠴᠢᠩᠭᠢᠰ ᠬᠠᠭᠠᠨ ᠬᠦᠴᠦᠷᠬᠡᠭ ᠶᠡᠬᠡ ᠮᠣᠩᠭᠣᠯ ᠮᠣᠷᠢᠲᠤ ᠴᠡᠷᠢᠭ ᠢᠶᠡᠨ ᠲᠠᠶᠢᠴᠢᠯᠠᠨ  ᠨᠠᠢᠮᠠᠨ  ᠠᠶᠢᠮᠠᠭ ‍ᠢ ᠡᠷᠬᠡᠰᠢᠶᠡᠯ ᠳ᠋ᠡᠭᠡᠨ ᠣᠷᠣᠭᠤᠯᠵᠤ ᠂ ᠲᠠᠶᠠᠨ ᠬᠠᠨ ᠤ ᠲᠠᠮᠠᠭ᠎ᠠ ᠲᠠᠢ ᠲᠠᠲᠠᠳᠤᠩᠭ᠎ᠠ ᠵᠢ ᠬᠣᠪᠢ ᠪᠡᠶ᠎ᠡ ᠳ᠋ᠡᠭᠡᠨ ᠦᠢᠯᠡᠴᠢᠯᠡᠭᠦᠯᠵᠣ ᠂ ᠲᠡᠭᠦᠨ ᠤ ᠣᠶᠢᠭᠣᠷᠵᠢᠨ ᠦᠰᠦᠭ ᠪᠢᠴᠢᠭ  ᠲᠦ ᠨᠡᠪᠳᠡᠷᠬᠡᠢ ᠪᠠᠶᠢᠬᠣ ᠵᠢ ᠣᠶᠢᠯᠠᠭᠠᠭᠰᠠᠨ ᠤ ᠲᠠᠷᠠᠭ᠎ᠠ ᠂ ᠮᠣᠩᠭᠣᠯ ᠦᠰᠦᠭ ᠪᠢᠴᠢᠭ ᠵᠣᠬᠢᠶᠠᠯᠭᠠᠵᠣ ᠂ ᠢᠵᠠᠭᠤᠷᠲᠠᠨ ‍ᠤ ᠦᠷ᠎ᠡ ᠬᠡᠦᠬᠡᠳ ᠲᠦ ᠵᠢᠭᠠᠨ ᠰᠣᠷᠭᠠᠭᠰᠠᠨ ᠪᠠᠶᠢᠨ᠎ᠠ ᠃ ᠡᠭᠦᠨ ᠡᠴᠡ ᠬᠣᠶᠢᠰᠢ ᠤᠶᠢᠭᠤᠷᠵᠢᠨ ᠮᠣᠩᠭᠣᠯ ᠦᠰᠦᠭ ᠮᠡᠨᠳᠦᠯᠡᠭᠡᠳ ᠣᠳᠣ ᠪᠣᠯᠲᠠᠯ᠎ᠠ ᠬᠡᠷᠡᠭᠯᠡᠭᠰᠡᠭᠡᠷ ᠢᠷᠡᠵᠡᠢ ᠃
           
   ᠨᠢᠭᠡ ᠪᠦᠰᠡ ᠨᠢᠭᠡ ᠵᠠᠮ ‍ᠤᠨ ᠪᠠᠶᠢᠯᠳᠤᠬᠤ ᠪᠣᠳᠣᠯᠭ᠎ᠠ ᠶ᠋ᠢᠨ ᠠᠬᠤᠶ ᠪᠠᠶᠢᠳᠠᠯ ᠳᠣᠤᠷ᠎ᠠ ᠂ ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠮᠦᠽᠧᠶ ᠶ᠋ᠢ ᠪᠠᠶᠢᠭᠣᠯᠣᠨ ᠂ ᠨᠠᠢᠮᠠᠨ ᠬᠣᠰᠢᠭᠣᠨ ᠤ ᠤᠯᠠᠮᠵᠢᠯᠠᠯᠲᠤ ᠰᠣᠶᠣᠯ ‍ᠤᠨ ᠠᠭᠤᠯᠬᠤᠨ ‍ᠢ ᠭᠦᠨ ᠠᠭᠤᠳᠠᠯᠵᠤ ᠂  ᠨᠠᠢᠮᠠᠨ  ᠬᠣᠰᠢᠭᠤᠨ ‍ᠤ ᠰᠣᠶᠣᠯ ᠵᠢᠭᠤᠯᠴᠢᠯᠠᠯ ‍ᠢ ᠬᠥᠭᠵᠢᠭᠦᠯᠬᠦ ᠶ᠋ᠢᠨ ᠬᠠᠮᠲᠤ ᠬᠣᠰᠢᠭᠤᠨ ‍ᠤ ᠪᠦᠬᠦ ᠣᠷᠣᠨ ᠪᠦᠰᠡ ᠶ᠋ᠢᠨ ᠵᠤᠭᠠᠴᠠᠯ ‍ᠤᠨ ᠪᠠᠶᠢᠷᠢᠰᠢᠭᠤᠯᠤᠯᠲᠠ ᠶ᠋ᠢ ᠪᠦᠬᠦ ᠲᠠᠯ᠎ᠠ ᠪᠠᠷ ᠠᠬᠢᠭᠣᠯᠬᠣ ᠳ᠋ᠥ   ᠭᠦᠨ ᠠᠴᠢ  ᠬᠣᠯᠪᠣᠭᠳᠠᠯ ᠲᠠᠶ ᠶᠤᠮ ᠃

          

    

  

    ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠮᠦᠽᠧᠶ ᠪᠠᠶᠢᠭᠤᠯᠤᠭᠳᠠᠭᠰᠠᠨ ᠨᠢ ᠨᠠᠢᠮᠠᠨ ᠬᠣᠰᠢᠭᠣ ᠳ᠋ᠦ ᠶᠠᠮᠠᠷ ᠰᠢᠣ ᠠᠴᠢ ᠬᠣᠯᠪᠣᠭᠳᠠᠯ ᠲᠠᠶ ᠪᠣᠶ ︖
    ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠮᠦᠽᠧᠶ ᠶ᠋ᠢᠨ ᠲᠥᠷᠥᠯ ᠵᠦᠢᠯ ᠨᠢ  ᠨᠠᠢᠮᠠᠨ ᠬᠣᠰᠢᠭᠤᠨ ‍ᠤ ᠲᠡᠦᠬᠡ ᠬᠢᠭᠡᠳ ᠤᠯᠠᠮᠵᠢᠯᠠᠯᠲᠤ ᠰᠣᠶᠣᠯ ‍ᠤᠨ ᠡᠭᠦᠰᠦᠯ ‍ᠢᠶ᠋ᠡᠷ ᠲᠣᠮᠣ ᠤᠬᠠᠭᠳᠠᠬᠤᠨ  ᠪᠣᠯᠭᠠᠨ ᠂  ᠨᠠᠢᠮᠠᠨ  ᠬᠣᠰᠢᠭᠤᠨ ‍ᠤ ᠬᠥᠭᠵᠢᠯᠲᠡ ᠶ᠋ᠢᠨ ᠲᠡᠦᠬᠡᠨ ᠠᠬᠢᠴᠠ ᠶ᠋ᠢ ᠲᠣᠳᠣᠷᠬᠠᠶᠢᠯᠠᠵᠣ ᠂ ᠲᠠᠳᠠᠲᠣᠩᠭ᠎ᠠ ᠮᠣᠩᠭᠣᠯ ᠦᠰᠦᠭ ᠪᠢᠴᠢᠭ ‍ᠢᠶ᠋ᠡᠷ ᠲᠥᠪ ᠪᠣᠯᠭᠠᠨ ᠂ ᠮᠣᠩᠭᠣᠯ ᠦᠰᠦᠭ ᠪᠢᠴᠢᠭ ‍ᠦᠨ ᠬᠥᠭᠵᠢᠯᠲᠡ ᠶ᠋ᠢᠨ ᠶᠠᠪᠤᠴᠠ ᠵᠢᠴᠢ ᠬᠠᠮᠢᠶ᠎ᠠ ᠪᠦᠬᠦᠢ ᠲᠡᠦᠬᠡᠨ ᠬᠥᠮᠦᠰ ‍ᠢ  ᠲᠣᠭᠠᠴᠢᠵᠣ ᠂ ᠨᠠᠢᠮᠠᠨ ᠸᠠᠩ ‍ᠤᠨ ᠣᠷᠳᠣᠨ ᠢᠶᠠᠷ ᠠᠴᠢᠶᠠᠯᠠᠪᠤᠷᠢ ᠪᠣᠯᠭᠠᠨ ᠂  ᠨᠠᠢᠮᠠᠨ ᠬᠣᠰᠢᠭᠤᠨ ‍ᠤ ᠰᠣᠶᠣᠯ ‍ᠤᠨ ᠠᠭᠤᠯᠬᠤᠨ ‍ᠢ ᠭᠦᠨᠵᠡᠭᠡᠶ ᠠᠭᠤᠳᠠᠯᠪᠠ ᠃   
        

    ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠮᠦᠽᠧᠶ ᠶ᠋ᠢᠨ ᠲᠥᠷᠥᠯ  ᠵᠦᠢᠯ ᠨᠢ ᠤᠯᠠᠮᠵᠢᠯᠠᠯᠲᠤ ᠦᠨᠳᠦᠰᠦᠲᠡᠨ ‍ᠦ ᠰᠣᠶᠣᠯ ᠪᠣᠯᠤᠨ ᠰᠢᠨᠵᠢᠯᠡᠬᠦ ᠣᠬᠠᠭᠠᠨ ᠤ ᠮᠡᠷᠭᠡᠵᠢᠯ ᠢᠶᠠᠷ ᠲᠡᠦᠬᠡ ᠂ ᠦᠰᠦᠭ ᠪᠢᠴᠢᠭ ᠂ ᠣᠷᠴᠢᠨ ᠲᠣᠭᠣᠷᠢᠨ ᠂ ᠭᠠᠵᠠᠷ ᠵᠦᠶ ᠂ ᠠᠷᠠᠳ ‍ᠤᠨ ᠵᠠᠩ ᠵᠠᠩᠰᠢᠯ ᠵᠡᠷᠭᠡ ᠲᠠᠯ᠎ᠠ ᠵᠢ ᠰᠢᠨᠵᠢᠯᠡᠬᠦ ᠤᠬᠠᠭᠠᠨᠴᠢ ᠦᠵᠡᠯ ᠰᠠᠨᠠᠭ᠎ᠠ ᠪᠣᠯᠤᠨ ᠠᠷᠭ᠎ᠠ ᠠᠪᠴᠠᠯ ᠢᠶᠠᠷ ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠨᠢᠭᠣᠴᠠ ᠲᠦᠷᠢ ᠵᠢ ᠢᠯᠡᠷᠡᠭᠦᠯᠵᠣ ᠂  ᠨᠠᠢᠮᠠᠨ ᠬᠣᠰᠢᠭᠤᠨ ‍ᠤ ᠤᠯᠠᠮᠵᠢᠯᠠᠯᠲᠤ ᠰᠣᠶᠣᠯ ᠂ ᠠᠷᠠᠳ ‍ᠤᠨ ᠵᠠᠩ ᠵᠠᠩᠰᠢᠯ ᠵᠡᠷᠭᠡ ᠶ᠋ᠢ ᠤᠯᠠᠮ ᠨᠢᠭᠡ ᠠᠯᠬᠤᠮ ᠳᠡᠯᠭᠡᠨ ᠦᠵᠡᠭᠦᠯᠵᠦ ᠂ ᠤᠯᠤᠰ ᠤᠨ ᠲᠣᠳᠣᠨ᠎ᠠ ᠭᠠᠳᠠᠨᠠᠬᠢ ᠬᠣᠯᠪᠣᠭᠳᠠᠯ ᠪᠦᠬᠦᠢ ᠮᠣᠩᠭᠣᠯ ᠦᠰᠦᠭ ᠪᠢᠴᠢᠭ ‍ᠦᠨ ᠰᠤᠳᠤᠯᠤᠯ ᠪᠠ ᠵᠢᠭᠤᠯᠴᠢᠯᠠᠯ ‍ᠤᠨ ᠡᠬᠢ ᠪᠠᠶᠠᠯᠢᠭ ‍ᠤᠨ ᠬᠣᠭᠣᠰᠣᠨ ‍ᠢ   ᠪᠦᠲᠦᠮᠵᠢᠲᠡᠶ ᠪᠡᠷ  ᠨᠦᠭᠦᠪᠦᠷᠢᠯᠡᠭᠰᠡᠨ ᠪᠠᠶᠢᠨ᠎ᠠ᠃                                                       

      

ᠢᠷᠡᠯᠳᠡ᠄ ᠨᠠᠶᠢᠷᠠᠭᠤᠯᠤᠭᠴᠢ᠄