ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠮᠦᠽᠧᠶ ᠪᠠᠶᠢᠭᠣᠯᠣᠭᠳᠠᠯ᠎ᠠ

ᠣᠩᠰᠢᠭᠰᠠᠨ ᠤᠳᠠᠭ᠎ᠠ ᠄ 13965     ᠨᠡᠶᠢᠳᠡᠯᠡᠭᠰᠡᠨ ᠴᠠᠭ ᠄ 2019/10/12 10:01:08

     10 ᠰᠠᠷ᠎ᠠ ᠶ᠋ᠢᠨ 15 ‍ᠦ ᠡᠳᠦᠷ ᠡᠴᠡ 17 ‍ᠦ ᠡᠳᠦᠷ ᠪᠣᠯᠲᠠᠯ᠎ᠠ ᠂ ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠮᠦᠽᠧᠶ ᠶ᠋ᠢᠨ ᠨᠡᠭᠡᠭᠡᠯᠲᠡ ᠶ᠋ᠢᠨ ᠶᠣᠰᠣᠯᠠᠯ ᠵᠢᠴᠢ ᠮᠣᠩᠭᠣᠯ ᠬᠡᠯᠡ ᠰᠣᠶᠣᠯ ‍ᠤᠨ ᠡᠷᠳᠡᠮ ᠰᠢᠨᠵᠢᠯᠡᠭᠡᠨ ‍ᠦ ᠰᠤᠳᠤᠯᠤᠨ ᠶᠠᠷᠢᠯᠴᠠᠬᠤ ᠬᠤᠷᠠᠯ ᠨᠠᠢᠮᠠᠨ ᠳ᠋ᠤ ᠬᠤᠷᠠᠯᠳᠤᠬᠤ ᠪᠣᠯᠣᠯ᠎ᠠ ᠃   ᠰᠣᠨᠣᠰᠣᠯᠳᠠ ᠪᠡᠷ ᠲᠠᠳᠠᠲᠣᠩᠭ᠎ᠠ ᠦᠰᠦᠭ ᠪᠢᠴᠢᠭ ‍ᠦᠨ ᠮᠦᠽᠧᠶ ᠪᠣᠯ ᠲᠡᠯᠡᠬᠡᠢ ᠲᠡᠭᠡᠷᠡᠬᠢ ᠴᠣᠷ ᠤᠨ ᠭᠠᠭᠴᠠ ᠮᠣᠩᠭᠣᠯ ᠦᠰᠦᠭ ᠪᠢᠴᠢᠭ ‍ᠦᠨ ᠮᠦᠽᠧᠶ ᠪᠣᠯᠣᠨ᠎ᠠ ᠃

    

     ᠲᠣᠰ ᠬᠣᠷᠠᠯᠳᠣᠭᠠᠨ ᠳ᠋ᠥ ᠂ ᠥᠪᠥᠷ ᠮᠣᠩᠭᠣᠯ ‍ᠤᠨ ᠶᠡᠬᠡ ᠰᠤᠷᠭᠠᠭᠤᠯᠢ ᠂ ᠥᠪᠥᠷ ᠮᠣᠩᠭᠣᠯ ‍ᠤᠨ ᠨᠡᠶᠢᠭᠡᠮ ‍ᠦᠨ ᠰᠢᠨᠵᠢᠯᠡᠬᠦ ᠤᠬᠠᠭᠠᠨ ᠤ ᠬᠦᠷᠢᠶᠡᠯᠡᠩ ᠂ ᠥᠪᠥᠷ ᠮᠣᠩᠭᠣᠯ ‍ᠤᠨ ᠪᠠᠭᠰᠢ ᠶ᠋ᠢᠨ ᠶᠡᠬᠡ ᠰᠤᠷᠭᠠᠭᠤᠯᠢ ᠵᠡᠷᠭᠡ ᠣᠷᠣᠨ ‍ᠤ ᠳᠣᠲᠣᠨ᠎ᠠ ᠭᠠᠳᠠᠨᠠᠬᠢ ᠶᠡᠭᠡ ᠰᠤᠷᠭᠠᠭᠤᠯᠢ ᠂ ᠰᠢᠨᠵᠢᠯᠡᠬᠦ ᠤᠬᠠᠭᠠᠨ ᠰᠤᠳᠤᠯᠭᠠᠨ ‍ᠤ ᠪᠠᠶᠢᠭᠤᠯᠤᠮᠵᠢ ᠶ᠋ᠢᠨ ᠮᠣᠩᠭᠣᠯ ᠬᠡᠯᠡᠨ ‍ᠦ ᠲᠤᠰᠬᠠᠶ ᠮᠡᠷᠭᠡᠵᠢᠯᠲᠡᠨ ᠵᠢᠴᠢ ᠮᠣᠩᠭᠣᠯ ᠦᠭᠡ ᠬᠡᠯᠡ ᠦᠰᠦᠭ ᠪᠢᠴᠢᠭ ‍ᠦᠨ ᠬᠦᠷᠢᠶᠡᠨ ᠳ᠋ᠦ ᠨᠡᠯᠢᠶᠡᠳ ᠭᠦᠨ ᠡᠷᠳᠡᠮ ᠰᠢᠨᠵᠢᠯᠡᠭᠡᠨ ‍ᠦ ᠪᠦᠲᠦᠭᠡᠯ ᠲᠡᠶ ᠪᠤᠶᠤ ᠮᠣᠩᠭᠣᠯ ᠦᠰᠦᠭ ᠪᠢᠴᠢᠭ ‍ᠦᠨ ᠬᠡᠷᠡᠭᠯᠡᠯᠲᠡ ᠪᠠ ᠬᠥᠭᠵᠢᠯᠲᠡ ᠳ᠋ᠦ ᠲᠣᠪᠣᠶᠢᠮ᠎ᠠ ᠬᠤᠪᠢ ᠨᠡᠮᠡᠷᠢ ᠦᠵᠡᠭᠦᠯᠦᠭᠰᠡᠨ ᠲᠤᠰᠬᠠᠶ ᠡᠷᠳᠡᠮᠲᠡᠨ ᠮᠡᠷᠭᠡᠵᠢᠯᠲᠡᠨ ᠴᠤᠭᠯᠠᠷᠠᠬᠤ ᠪᠣᠯᠤᠨ᠎ᠠ ᠃ ᠡᠬᠦᠨ ᠡᠴᠡ ᠭᠠᠳᠠᠨ᠎ᠠ ᠪᠠᠰᠠ ᠣᠯᠠᠨ ᠤᠯᠤᠰ ᠤᠨ ᠦᠭᠡ ᠬᠡᠯᠡ ᠦᠰᠦᠭ ᠪᠢᠴᠢᠭ ‍ᠦᠨ ᠶᠡᠬᠡ ᠡᠷᠳᠡᠮᠳᠡᠨ ᠬᠣᠪᠢ ᠪᠡᠶ᠎ᠡ ᠪᠡᠷ ‍ᠢᠶ᠋ᠡᠨ ᠲᠤᠬᠠᠢ ‍ᠢᠢᠨ ᠲᠠᠯᠠᠪᠤᠷ ᠲᠤ ᠰᠠᠭᠠᠳᠠᠬᠣ ᠭᠡᠵᠣ ᠪᠣᠢ ᠃ 

    ᠲᠣᠣᠷ᠎ᠠ ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠮᠦᠽᠧᠶ ᠶ᠋ᠢᠨ ᠵᠢᠷᠤᠭ ᠡᠴᠡ ᠰᠣᠨᠢᠷᠬᠠᠶ᠎ᠠ ᠃

           

   

           

    ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠮᠦᠽᠧᠶ ᠶ᠋ᠢᠨ ᠨᠡᠭᠡᠭᠡᠯᠲᠡ ᠶ᠋ᠢᠨ ᠶᠣᠰᠣᠯᠠᠯ ᠵᠢᠴᠢ ᠮᠣᠩᠭᠣᠯ ᠦᠭᠡ ᠬᠡᠯᠡ ᠰᠣᠶᠣᠯ ‍ᠤᠨ ᠡᠷᠳᠡᠮ ᠰᠢᠨᠵᠢᠯᠡᠭᠡᠨ ‍ᠦ ᠰᠤᠳᠤᠯᠤᠨ ᠶᠠᠷᠢᠯᠴᠠᠬᠤ ᠬᠤᠷᠠᠯ ‍ᠤᠨ ᠭᠣᠤᠯ ᠰᠡᠳᠦᠪ ᠨᠢ  ᠣᠶᠢᠭᠣᠷᠵᠢᠨ ᠮᠣᠩᠭᠣᠯ  ᠦᠰᠦᠭ  ᠪᠢᠴᠢᠭ ᠢ  ᠬᠡᠷᠡᠭᠯᠡᠭᠰᠡᠨ  815 ᠵᠢᠯ ‍ᠦᠨ ᠣᠢ ᠶᠢᠨ  ᠲᠣᠭᠣᠷᠢᠨ  ᠳ᠋ᠤ ᠂ ᠮᠣᠩᠭᠣᠯ ᠰᠣᠶᠣᠯ ‍ᠤᠨ ᠬᠥᠭᠵᠢᠯᠲᠡ ᠶ᠋ᠢᠨ ᠲᠡᠦᠬᠡ ᠪᠠ ᠮᠣᠩᠭᠣᠯ ᠦᠰᠦᠭ ᠪᠢᠴᠢᠭ ‍ᠦᠨ ᠢᠷᠡᠯᠲᠡ ᠵᠢᠴᠢ ᠣᠳᠣᠬᠢ ᠪᠠᠶᠢᠳᠠᠯ ᠵᠡᠷᠭᠡ ᠠᠰᠠᠭᠤᠳᠠᠯ ᠳ᠋ᠥ ᠪᠣᠳᠠᠲᠠᠶ ᠰᠣᠳᠣᠯᠣᠯᠳᠠ ᠬᠢᠬᠦ ᠪᠣᠯᠣᠨ᠎ᠠ ᠃

    ᠲᠠᠳᠠᠲᠣᠩᠭ᠎ᠠ ᠪᠠ ᠨᠠᠢᠮᠠᠨ ᠶᠠᠮᠠᠷ ᠰᠢᠣ ᠬᠠᠷᠢᠴᠠᠭ᠎ᠠ ᠲᠠᠶ ᠪᠣᠢ ︖ ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠮᠦᠽᠧᠶ ᠶ᠋ᠢ ᠶᠠᠭᠤᠨ ᠳ᠋ᠤ ᠨᠠᠢᠮᠠᠨ ᠳ᠋ᠦ ᠪᠠᠶᠢᠭᠣᠯᠬᠣ ᠪᠣᠶ ︖ ᠲᠠᠳᠠᠲᠣᠩᠭ᠎ᠠ ᠮᠣᠩᠭᠣᠯ ᠦᠰᠦᠭ ᠪᠢᠴᠢᠭ ‍ᠦᠨ ᠮᠦᠽᠧᠶ ᠨᠢ ᠶᠠᠭᠠᠬᠢᠭᠠᠳ ᠳᠡᠯᠡᠬᠡᠶ ᠳ᠋ᠥ ᠴᠣᠷ ᠤᠨ ᠭᠠᠭᠴᠠ  ᠪᠠᠶᠢᠳᠠᠭ ᠪᠣᠶ ︖ 《 ᠠᠮᠢᠵᠢᠷᠠᠯ ᠪᠢᠯᠬᠠᠭᠰᠠᠨ ᠨᠠᠢᠮᠠᠨ 》 ᠲᠠᠨ ᠨᠠᠷ ᠲᠦ  ᠪᠡᠨ ᠨᠢᠭᠤᠴᠠ ᠶ᠋ᠢ ᠢᠯᠡᠷᠡᠭᠦᠯᠬᠦ ᠪᠣᠯᠣᠨ᠎ᠠ ᠃ 《 ᠠᠮᠢᠵᠢᠷᠠᠯ ᠪᠢᠯᠬᠠᠭᠰᠠᠨ ᠨᠠᠢᠮᠠᠨ 》 ᠳ᠋ᠥ ᠠᠩᠬᠠᠷᠣᠯ ᠢᠶᠡᠨ ᠬᠠᠨᠳᠣᠭᠣᠯᠠᠷᠠᠢ ︕

     ᠬᠡᠷᠪᠡ ᠲᠠ  ᠡᠳᠡᠭᠡᠷ  ᠢ  ᠰᠣᠨᠢᠷᠬᠠᠭᠠᠳ ᠰᠡᠳᠬᠢᠯ ᠬᠠᠩᠬᠤ ᠦᠭᠡᠢ ᠪᠣᠯ ᠪᠢᠲᠡᠭᠡᠶ  ᠶᠠᠭᠠᠷᠠᠭᠠᠷᠠᠢ︕ 《 ᠠᠮᠢᠵᠢᠷᠠᠯ ᠪᠢᠯᠬᠠᠭᠰᠠᠨ ᠨᠠᠢᠮᠠᠨ 》 ᠵᠢᠷᠬᠢᠷ᠎ᠡ ᠤᠨ ᠲᠠᠪᠴᠠᠩ ᠶᠡᠬᠡ ᠬᠤᠷᠠᠯ ‍ᠤᠨ ᠡᠬᠢᠯᠡᠯᠳᠡ ᠶ᠋ᠢᠨ ᠶᠣᠰᠣᠯᠠᠯ ᠂ ᠰᠤᠳᠤᠯᠤᠨ ᠶᠠᠷᠢᠯᠴᠠᠬᠤ ᠬᠤᠷᠠᠯ ᠵᠡᠷᠭᠡ ᠠᠭᠤᠯᠭ᠎ᠠ ᠶ᠋ᠢ ᠰᠢᠭᠤᠳ ᠨᠡᠪᠲᠡᠷᠡᠭᠦᠯᠦᠨ᠎ᠡ ᠃ ᠲᠣᠬᠠᠢ ᠴᠠᠭ  ᠲᠦ ᠬᠦᠯᠢᠶᠡᠨ ᠠᠪᠴᠣ ᠦᠵᠡᠭᠡᠷᠡᠢ ︕
ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ