ᠪᠠᠶᠠᠨᠲᠠᠯ᠎ᠠ ᠰᠤᠮᠤᠨ ‍ᠤ ᠶᠡᠬᠡ ᠤᠰᠤ ᠭᠠᠴᠠᠭ᠎ᠠ ᠶ᠋ᠢᠨ 400 ᠭᠠᠷᠤᠶ ᠮᠦ ᠰᠢᠬᠣᠯᠣ ᠡᠯᠪᠡᠭ ᠬᠤᠷᠢᠶᠠᠯᠲᠠ ᠣᠯᠣᠡᠡᠰᠠᠨ

ᠣᠩᠰᠢᠭᠰᠠᠨ ᠤᠳᠠᠭ᠎ᠠ ᠄ 1509     ᠨᠡᠶᠢᠳᠡᠯᠡᠭᠰᠡᠨ ᠴᠠᠭ ᠄ 2019/10/10 9:06:41

     ᠪᠠᠶᠠᠨᠲᠠᠯ᠎ᠠ ᠰᠤᠮᠤ ᠶ᠋ᠢᠨ ᠶᠡᠬᠡ ᠤᠰᠤ  ᠭᠠᠴᠠᠭᠠᠨ ᠤ ᠤᠨᠴᠠᠯᠢᠭᠳᠤ ᠲᠠᠷᠢᠮᠠᠯ ‍ᠦᠨ ᠲᠠᠷᠢᠶᠠᠨ ᠳ᠋ᠤ ᠬᠦᠷᠬᠦ ᠳ᠋ᠥ ᠂ ᠬᠥᠪᠡᠭᠡ ᠬᠢᠵᠠᠭᠠᠷ ᠨᠢ ᠬᠠᠷᠠᠭᠳᠠᠬᠤ ᠦᠭᠡᠢ ᠰᠢᠬᠣᠯᠣ ᠬᠠᠷᠠᠭᠠᠨ ᠳ᠋ᠥ  ᠲᠣᠳᠣᠷᠠᠨ᠎ᠠ ᠃

      

      2013 ᠣᠨ ᠳ᠋ᠤ ᠶᠡᠬᠡ ᠤᠰᠤ ᠭᠠᠴᠠᠭ᠎ᠠ ᠶ᠋ᠢᠨ ᠲᠠᠷᠢᠶᠠᠯᠠᠩ ‍ᠤᠨ ᠮᠠᠰᠢᠨ ‍ᠤ  ᠬᠣᠷᠰᠢᠶᠠᠵᠢᠯ  ᠪᠠᠶᠢᠭᠣᠯᠣᠭᠳᠠᠵᠣ ᠂ ᠬᠡᠳᠦᠨ ᠵᠢᠯ ‍ᠦᠨ ᠲᠤᠷᠰᠢ ᠰᠠᠶᠢᠨ ᠡᠭᠦᠯᠳᠡᠷ ᠤᠨ ᠲᠠᠷᠢᠮᠠᠯ ‍ᠤᠨ ᠲᠥᠷᠥᠯ  ᠵᠦᠢᠯ ‍ᠢ ᠴᠢᠷᠮᠠᠶᠢᠨ ᠡᠷᠢᠯᠬᠢᠯᠡᠨ ᠂ ᠪᠦᠬᠦ ᠲᠣᠰᠬᠣᠨ ‍ᠤ ᠠᠷᠠᠳ ‍ᠢ ᠳᠠᠭᠠᠭᠤᠯᠤᠨ ᠤᠨᠴᠠᠯᠢᠬᠳᠤ ᠲᠠᠷᠢᠮᠠᠯ ‍ᠤᠨ ᠦᠢᠯᠡᠰ ‍ᠢ ᠡᠷᠬᠢᠯᠡᠭᠰᠡᠨ ᠪᠠᠶᠢᠨ᠎ᠠ ᠃ ᠡᠨᠡ ᠵᠢᠯ ᠬᠣᠷᠰᠢᠶᠠᠵᠢᠯ ᠶ᠋ᠢᠨ ᠬᠢᠨ ᠭᠢᠷᠢᠨ ᠮᠣᠵᠢ ᠳ᠋ᠦ ᠬᠦᠷᠴᠦ  ᠪᠠᠶᠢᠴᠠᠭᠠᠨ ᠰᠤᠷᠤᠯᠴᠠᠵᠤ ᠂  ᠰᠢᠬᠣᠯᠣ ᠶ᠋ᠢᠨ ‍ᠤᠨ ᠡᠪᠡᠳᠴᠢᠯᠠᠯ ‍ᠤᠨ ᠨᠣᠷᠮ᠎ᠠ ᠨᠢ ᠲᠣᠣᠷ᠎ᠠ ᠂ ᠲᠠᠷᠢᠵᠤ ᠣᠷᠭᠣᠭᠤᠯᠬᠤ ᠳ᠋ᠤ ᠳᠥᠭᠥᠮ ᠂ ᠠᠰᠢᠭ ᠣᠷᠣᠯᠭ᠎ᠠ ᠨᠢ ᠰᠠᠶᠢᠨ ᠪᠠᠶᠢᠳᠠᠯ ᠶ᠋ᠢᠨ ᠣᠶᠢᠯᠭᠠᠨ ᠂ ᠬᠢᠷᠢᠨ ‍ᠦ ᠺᠣᠮᠫᠠᠨᠢ ᠲᠠᠢ ᠭᠡᠷ᠎ᠡ ᠲᠣᠭᠳᠠᠵᠣ ᠂ 430 ᠮᠦ ᠶ᠋ᠢᠨ ᠰᠢᠬᠣᠯᠣ ᠲᠠᠷᠢᠡᠡᠰᠠᠨ ᠪᠠᠶᠢᠨ᠎ᠠ ᠃ ᠺᠣᠮᠫᠠᠨᠢ ᠡᠴᠠ ᠦᠷ᠎ᠡ ᠵᠢᠴᠢ ᠮᠡᠷᠭᠡᠵᠢᠯ ᠬᠠᠩᠭᠠᠵᠤ ᠂  ᠬᠣᠷᠰᠢᠶᠠᠵᠢᠯ ᠡᠴᠡ ᠲᠠᠷᠢᠬᠤ ᠂ ᠬᠤᠷᠢᠶᠠᠬᠤ ᠂ ᠪᠣᠭᠣᠳᠠᠯᠯᠬᠣ ᠵᠡᠷᠭᠡ ᠶ᠋ᠢ  ᠬᠠᠷᠢᠭᠣᠴᠠᠵᠦ ᠂ ᠳᠠᠬᠢᠨ ᠺᠣᠮᠫᠠᠨᠢ ᠬᠣᠷᠢᠶᠠᠨ  ᠠᠪᠬᠣ ᠪᠣᠯᠣᠨ᠎ᠠ ᠃
      ᠶᠡᠬᠡ ᠤᠰᠤ ᠭᠠᠴᠠᠭᠠᠨ ‍ᠤ  ᠬᠣᠷᠰᠢᠶᠠᠵᠢᠯ ᠶ᠋ᠢᠨ ᠬᠠᠷᠢᠭᠤᠴᠠᠯᠭᠠᠲᠠᠨ ᠼᠦᠢ ᠴᠢᠶᠠᠩ ᠄ ᠮᠠᠨ ‍ᠤ ᠬᠣᠷᠰᠢᠶᠠᠵᠢᠯ ᠪᠠᠶᠢᠭᠤᠯᠤᠭᠳᠠᠭᠰᠠᠨ ᠠᠩᠬᠠᠨ ‍ᠤ ᠵᠣᠷᠢᠯᠭ᠎ᠠ ᠪᠣᠯ ᠳᠠᠷᠤᠶ ᠠᠵᠤ ᠦᠢᠯᠡᠰ ‍ᠦᠨ ᠪᠦᠲᠦᠴᠡ ᠶ᠋ᠢᠨ ᠲᠣᠬᠢᠷᠠᠭᠤᠯᠤᠯᠲᠠ ᠶ᠋ᠢ ᠰᠠᠶᠢᠲᠤᠷ ᠬᠢᠬᠦ ᠶᠠᠪᠤᠳᠠᠯ ᠪᠣᠯᠤᠨ᠎ᠠ ᠂ ᠡᠨᠡ ᠵᠢᠯ ᠪᠢᠳᠡ  ᠬᠣᠷᠰᠢᠶᠠᠵᠢᠯ ‍ᠤᠨ ᠭᠠᠵᠠᠷ ᠰᠢᠷᠣᠶ ᠶ᠋ᠢ 400 ᠭᠠᠷᠤᠶ ᠮᠦ ᠲᠠᠷᠢᠵᠦ ᠂ ᠪᠠᠰᠠ ᠡᠨᠡ ᠬᠦ ᠠᠵᠤ  ᠦᠢᠯᠡᠰ  ᠮᠠᠨ ‍ᠤ ᠡᠨᠡ ᠭᠠᠵᠠᠷ ᠣᠷᠣᠨ ᠳ᠋ᠤ ᠲᠣᠬᠢᠷᠠᠬᠤ ᠡᠰᠡᠬᠦ ᠶ᠋ᠢ ᠲᠣᠷᠰᠢᠨ ᠦᠵᠡᠵᠦ ᠂ ᠬᠡᠷᠪᠡ ᠦᠨᠡᠨ ᠲᠣᠬᠢᠷᠠᠮᠵᠢᠲᠠᠢ ᠪᠣᠯ ᠂ ᠪᠦᠬᠦ ᠲᠣᠰᠬᠤᠨ ᠳ᠋ᠦ ᠲᠡᠯᠭᠡᠷᠡᠭᠦᠯᠦᠨ ᠂ ᠡᠨᠡ ᠣᠨᠴᠠᠯᠢᠭᠲᠤ ᠠᠵᠤ ᠦᠢᠯᠡᠰ ‍ᠢ ᠬᠦᠭᠵᠢᠭᠦᠯᠣᠶ᠎ᠡ ᠭᠡᠵᠦ ᠪᠣᠳᠣᠵᠤ  ᠪᠠᠶᠢᠨ᠎ᠠ ᠃
      ᠶᠡᠬᠡ ᠤᠰᠤ ᠭᠠᠴᠠᠭᠠᠨ ‍ᠤ ᠬᠣᠷᠰᠢᠶᠠᠵᠢᠯ ‍ᠤᠨ 70 % ᠰᠢᠬᠠᠮ ‍ᠤᠨ ᠭᠠᠵᠠᠷ ᠰᠢᠷᠣᠶ ᠨᠢ ᠲᠣᠰᠬᠣᠨ ‍ᠤ ᠠᠷᠠᠳ ‍ᠤᠨ ᠭᠠᠷ ᠡᠴᠠ ᠡᠷᠴᠢᠮᠵᠢᠭᠦᠯᠣᠨ ᠠᠪᠴᠣ ᠂ ᠣᠡᠴᠠᠯᠢᠡᠡᠳᠣ  ᠲᠠᠷᠢᠮᠠᠯ ᠲᠠᠷᠢᠬᠤ ᠳ᠋ᠤ  ᠬᠡᠷᠡᠭᠯᠡᠨ ᠂ ᠲᠣᠰᠬᠣᠨ ‍ᠤ ᠠᠷᠠᠳ ᠬᠥᠯᠥᠰᠥᠨ ᠠᠵᠢᠯ ᠬᠢᠪᠡᠯ ᠪᠠᠰᠠ ᠢᠯᠡᠭᠦᠦ ᠨᠢᠭᠡ ᠬᠤᠪᠢ ᠣᠷᠣᠯᠭ᠎ᠠ ᠣᠯᠣᠨ᠎ᠠ ᠃

     ᠶᠡᠬᠡ ᠤᠰᠤ ᠭᠠᠴᠠᠭ᠎ᠠ ᠶ᠋ᠢᠨ ᠶᠠᠳᠠᠭᠤ ᠬᠦᠴᠢᠷᠳᠡᠯᠲᠡᠶ ᠡᠷᠦᠬᠡ ᠯᠢ ᠬᠠᠢ ᠶᠠᠨ ᠄ ᠪᠢᠳᠡ ᠬᠣᠷᠰᠢᠶᠠᠵᠢᠯ   ᠳ᠋ᠥ ‍ ᠬᠥᠯᠥᠰᠥᠨ ᠠᠵᠢᠯ ᠬᠢᠵᠦ ᠪᠠᠶᠢᠨ᠎ᠠ ᠂ ᠨᠢᠭᠡ ᠡᠳᠦᠷ 120 ᠲᠦᠭᠦᠷᠢᠭ ᠂ ᠡᠨᠡ ᠬᠡᠰᠡᠭ ᠬᠤᠭᠤᠴᠠᠭᠠᠨ ‍ᠤ ᠠᠵᠢᠯ ‍ᠢ ᠳᠠᠭᠤᠰᠬᠠᠪᠠᠯ ᠂ ᠥᠪᠡᠷ ‍ᠦᠨ ᠭᠠᠵᠠᠷ ᠰᠢᠷᠣᠶ ᠪᠠᠨ ᠳᠣᠳᠣᠮᠳᠠᠵᠤ ᠂  ᠪᠠᠰᠠ ᠵᠢᠭᠠᠬᠠᠨ ᠣᠷᠣᠯᠭ᠎ᠠ ᠣᠯᠴᠢᠬᠠᠨ᠎ᠠ ᠃ 

    

      ᠡᠨᠡ ᠵᠢᠯ ‍ᠦᠨ ᠰᠢᠬᠣᠯᠣ ᠲᠠᠷᠢᠬᠤ ᠳ᠋ᠤ ᠂ ᠶᠡᠬᠡ ᠤᠰᠤ ᠭᠠᠴᠠᠭᠠᠨ ‍ᠤ ᠬᠣᠷᠰᠢᠶᠠᠵᠢᠯ 57.2 ᠲᠦᠮᠡᠨ ᠲᠥᠭᠥᠷᠢᠭ ‍ᠦᠨ ᠪᠡᠯᠡ ᠣᠷᠣᠭᠤᠯᠵᠤ ᠂  ᠮᠦ  ᠪᠦᠷᠢ ᠪᠠᠷᠤᠭ 350 ᠵᠢᠩ ᠰᠢᠬᠣᠯᠣ ᠶ᠋ᠢᠨ ᠦᠷ᠎ᠡ ᠬᠤᠷᠢᠶᠠᠵᠤ ᠂ ᠬᠠᠮᠤᠭ ‍ᠤᠨ ᠳᠣᠤᠷ᠎ᠠ ᠦᠷ᠎ᠡ ᠠᠰᠢᠭ 90.3 ᠲᠦᠮᠡᠨ ᠲᠥᠭᠥᠷᠢᠭ ᠲᠦ ᠬᠦᠷᠴᠦ ᠂ ᠥᠪᠡᠷ ‍ᠦᠨ ᠥᠷᠲᠡᠭ ‍ᠢ ᠨᠢ ᠭᠠᠷᠭᠠᠪᠠᠯ ᠂  ᠮᠦ  ᠪᠦᠷᠢ ᠪᠠᠷᠤᠭ 770 ᠲᠥᠭᠥᠷᠢᠭ ‍ᠦᠨ ᠣᠷᠣᠯᠭ᠎ᠠ  ᠣᠯᠣᠨ᠎ᠠ ᠃
ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ