ᠳ᠋ᠦᠩ ᠮᠢᠩ ᠪᠠᠯᠭᠠᠰᠤᠨ ‍ᠤ ᠳ᠋ᠠᠢ ᠲᠦᠩ ᠲᠣᠰᠬᠣᠨ ᠄ ᠰᠢᠨ᠎ᠡ ᠰᠣᠷᠭᠣᠭ ᠬᠠᠯᠠᠭᠣᠨ ᠨᠣᠭᠣᠭ᠎ᠠ ᠡᠯᠪᠡᠭ ᠬᠤᠷᠢᠶᠠᠯᠲᠠ ᠣᠯᠣᠡᠡᠰᠠᠨ ᠪᠠᠶᠢᠭ᠎ᠠ

ᠣᠩᠰᠢᠭᠰᠠᠨ ᠤᠳᠠᠭ᠎ᠠ ᠄ 2365     ᠨᠡᠶᠢᠳᠡᠯᠡᠭᠰᠡᠨ ᠴᠠᠭ ᠄ 2019/10/9 16:54:07

       ᠣᠳᠣᠬᠠᠨ ᠳ᠋ᠤ ᠶᠠᠭ ᠰᠢᠨ᠎ᠡ ᠰᠣᠷᠭᠣᠭ ᠬᠠᠯᠠᠭᠣᠨ ᠨᠣᠭᠣᠭ᠎ᠠ ᠲᠡᠭᠦᠬᠦ ᠬᠣᠭᠣᠴᠠᠭᠠᠨ ᠳ᠋ᠥ ᠪᠠᠶᠢᠵᠤ ᠂ ᠳ᠋ᠦᠩ ᠮᠢᠩ ᠪᠠᠯᠭᠠᠰᠤᠨ ‍ᠤ ᠳ᠋ᠠᠢ ᠲᠦᠩ ᠲᠣᠰᠬᠣᠨ ‍ᠤ ᠠᠷᠠᠳ ᠰᠢᠨ᠎ᠡ ᠰᠣᠷᠭᠣᠭ ᠬᠠᠯᠠᠭᠤᠨ ᠨᠣᠭᠣᠭ᠎ᠠ ᠲᠡᠭᠦᠵᠦ ᠶᠠᠭᠠᠷᠠᠯᠳᠣᠨ᠎ᠠ ᠃

      

        ᠳ᠋ᠦᠩ ᠮᠢᠩ ᠪᠠᠯᠭᠠᠰᠤᠨ ‍ᠤ ᠳ᠋ᠠᠢ ᠲᠦᠩ ᠲᠣᠰᠬᠣᠨ ᠳ᠋ᠤ ᠨᠡᠶᠢᠳᠡ 586 ᠡᠷᠦᠬᠡ 2286 ᠬᠥᠮᠦᠨ ᠠᠮᠠ ᠲᠠᠶ ᠪᠠᠶᠢᠵᠣ ᠂ ᠡᠷᠳᠡᠨᠢ ᠰᠢᠰᠢ ᠲᠠᠷᠢᠬᠤ ᠪᠠᠷ ᠭᠣᠣᠯᠯᠠᠵᠣ ᠪᠣᠢ ᠃ ᠬᠡᠳᠦᠶᠢᠪᠡᠷ ᠡᠷᠳᠡᠨᠢ ᠰᠢᠰᠢ ᠨᠢ ᠨᠡᠯᠢᠶᠡᠳ ᠲᠣᠭᠲᠠᠪᠤᠷᠢᠲᠠᠶ ᠪᠣᠯᠪᠠᠴᠤ ᠦᠷ᠎ᠡ ᠂ ᠬᠢᠮᠢ ᠶ᠋ᠢᠨ ᠪᠣᠷᠳᠣᠭᠤᠷ ᠲᠠᠷᠢᠶᠠᠨ ᠡᠮ ᠵᠡᠷᠭᠡ ᠤᠶᠢᠯᠡᠳᠪᠦᠷᠢᠯᠡᠯ  ‍ᠦᠨ ᠬᠡᠷᠡᠭᠰᠡᠯ ‍ᠦᠨ ᠥᠪᠡᠷ ‍ᠦᠨ ᠥᠷᠲᠡᠭ ᠲᠠᠰᠤᠷᠠᠯᠲᠠ ᠦᠭᠡᠢ ᠲᠡᠭᠡᠰᠢᠯᠡᠬᠦ ᠶ᠋ᠢ ᠳᠠᠭᠠᠯᠳᠤᠨ ᠂ ᠠᠷᠠᠳ ‍ᠤᠨ ᠣᠷᠣᠯᠭ᠎ᠠ ᠪᠠᠭᠠᠰᠬᠠᠭᠰᠠᠨ ᠪᠠᠶᠢᠨ᠎ᠠ ᠃ 2018 ᠣᠨ ᠲᠦ ᠬᠣᠶᠠᠷ ᠵᠥᠪᠯᠡᠯ ‍ᠦᠨ ᠤᠳᠤᠷᠢᠳᠬᠤ ᠪᠠᠭ ᠠᠵᠤ ᠦᠢᠯᠡᠰ ‍ᠦᠨ ᠪᠦᠲᠦᠴᠡ ᠳ᠋ᠥ ᠲᠣᠬᠢᠷᠠᠭᠤᠯᠤᠯᠲᠠ  ᠬᠢᠵᠣ ᠂ ᠳ᠋ᠠᠢ ᠲᠦᠩ ᠲᠣᠰᠬᠣᠨ ‍ᠤ ᠪᠣᠳᠠᠲᠤ  ᠪᠠᠶᠢᠳᠡᠯ  ᠲᠠᠢ ᠤᠶᠠᠯᠳᠤᠭᠤᠯᠤᠨ ᠂ 2019 ᠣᠨ ᠳ᠋ᠥ ᠂ ᠺᠠᠶᠢᠯᠦ ᠰᠢᠶᠠᠨ ᠪᠣᠯᠤᠨ ᠡᠷᠭᠢᠨ ᠲᠣᠭᠣᠷᠢᠨ ‍ᠤ ᠠᠶᠢᠯ ᠲᠣᠰᠬᠣᠨ ᠳ᠋ᠤ ᠣᠯᠠᠨ ᠤᠳᠠᠭ᠎ᠠ ᠬᠦᠷᠴᠦ ᠲᠤᠬᠠᠶ ᠶ᠋ᠢᠨ ᠭᠠᠵᠠᠷ ᠲᠤ ᠨᠢ  ᠪᠠᠶᠢᠴᠠᠭᠠᠯᠲᠠ ᠬᠢᠬᠦ ᠪᠡᠷ ᠳᠠᠮᠵᠢᠨ ᠂ ᠳ᠋ᠠᠢ ᠲᠦᠩ ᠲᠣᠰᠬᠣᠨ ‍ᠤ ᠬᠢᠨ  ᠰᠢᠨ᠎ᠡ ᠰᠣᠷᠭᠣᠭ ᠬᠠᠯᠠᠭᠤᠨ ᠨᠣᠭᠣᠭ᠎ᠠ ᠲᠠᠷᠢᠬᠤ ᠪᠡᠷ ᠲᠣᠡᠡᠳᠠᠵᠦ ᠂ ᠺᠠᠶᠢᠯᠦ ᠰᠢᠶᠠᠨ ‍ᠤ ᠶᠢᠦ ᠬᠤᠸᠠ ᠬᠠᠯᠠᠭᠤᠨ ᠨᠣᠭᠣᠭ᠎ᠠ ᠲᠠᠷᠢᠬᠤ ᠬᠣᠷᠰᠢᠶᠠᠵᠢᠯ ᠲᠠᠢ ᠬᠠᠮᠲᠤᠷᠠᠨ ᠠᠵᠢᠯᠯᠠᠬᠤ ᠬᠡᠯᠡᠯᠴᠡᠭᠡᠷ ᠲᠣᠡᠡᠳᠠᠠᠠᠰᠠᠨ ᠪᠠᠶᠢᠨ᠎ᠠ ᠃ ᠲᠣᠰᠬᠣᠨ ᠳ᠋ᠤ ᠰᠠᠭᠤᠭ᠎ᠠ ᠠᠵᠢᠯᠯᠠᠬᠣ ᠠᠡᠭᠭᠢ ᠂ ᠲᠣᠰᠬᠣᠨ ‍ᠤ ᠵᠥᠪᠯᠡᠯ ‍ᠦᠨ ᠤᠳᠤᠷᠢᠳᠬᠤ ᠪᠠᠭ ᠣᠯᠠᠨ ᠤᠳᠠᠭ᠎ᠠ ᠡᠷᠦᠬᠡ  ᠳᠤ ᠭᠦᠡᠵᠡᠭᠡᠶᠢᠷᠡᠨ ᠲᠠᠶᠢᠯᠪᠣᠷᠢᠯᠠᠬᠣ ᠪᠡᠷ ᠲᠠᠮᠵᠢᠨ ᠂ 2019 ᠣᠨ ᠳ᠋ᠥ   ᠳ᠋ᠠᠢ ᠲᠦᠡᠭ ᠲᠣᠰᠬᠣᠨ 500 ᠮᠦ ᠰᠤᠯᠠ ᠪᠠᠶᠢᠬᠣ ᠭᠠᠵᠠᠷ ᠰᠢᠷᠣᠶ  ᠂ 70 ᠮᠦ ᠬᠦᠷᠢᠶ᠎ᠡ ᠬᠠᠰᠢᠶ᠎ᠠ  ᠶ᠋ᠢᠨ ᠰᠢᠨ᠎ᠡ ᠰᠣᠷᠭᠣᠭ ᠬᠠᠯᠠᠭᠣᠨ ᠨᠣᠭᠣᠭ᠎ᠠ ᠲᠠᠷᠢᠡᠡᠰᠠᠨ ᠪᠠᠶᠢᠨ᠎ᠠ ᠃ ᠲᠠᠷᠢᠮᠠᠯ ‍ᠤᠨ ᠤᠨᠠᠯᠲᠠ ᠂ ᠶᠠᠰᠤ ᠴᠢᠨᠠᠷ ‍ᠢ ᠪᠠᠲᠤᠯᠠᠬᠤ ᠶ᠋ᠢᠨ ᠲᠥᠯᠥᠭᠡ ᠂ ᠬᠣᠷᠰᠢᠶᠠᠵᠢᠯ ᠡᠴᠡ ᠲᠣᠰᠬᠠᠢ ᠬᠥᠮᠦᠨ ᠲᠣᠮᠢᠯᠠᠨ ᠲᠠᠷᠢᠬᠤ ᠶᠠᠪᠤᠴᠠ ᠳ᠋ᠤ ᠪᠣᠷᠳᠣᠭᠤᠷ ᠣᠷᠣᠭᠤᠯᠬᠤ ᠂ ᠡᠪᠡᠳᠴᠢᠨ ᠰᠡᠷᠭᠡᠶᠢᠯᠡᠬᠦ ᠵᠡᠷᠭᠡ ᠭᠣᠭᠴᠣᠭ᠎ᠠ ᠳ᠋ᠤ  ᠲᠠᠷᠢᠶᠠᠴᠢᠨ ᠡᠷᠦᠬᠡ ‍ᠢ  ᠵᠢᠭᠠᠨ ᠵᠢᠯᠣᠭᠣᠳᠣᠵᠦ ᠂   ᠮᠡᠷᠭᠡᠵᠢᠯ ‍ᠦᠨ ᠲᠠᠯ᠎ᠠ ᠪᠠᠷ ᠬᠦᠴᠦᠲᠡᠶ ᠳᠡᠮᠵᠢᠯᠭᠡ ᠦᠵᠡᠭᠦᠯᠣᠭᠰᠡᠨ ᠪᠠᠶᠢᠨ᠎ᠠ ᠃ ᠡᠨᠡ ᠵᠢᠯ ‍ᠦᠨ ᠰᠢᠨ᠎ᠡ ᠰᠣᠷᠭᠣᠭ ᠬᠠᠯᠠᠭᠣᠨ ᠨᠣᠭᠣᠭ᠎ᠠ ᠶ᠋ᠢᠨ ᠭᠠᠷᠤᠯᠲᠠ ᠰᠠᠶᠢᠨ ᠂ ᠦᠨ᠎ᠡ ᠬᠠᠩᠰᠢ ᠨᠢ ᠴᠦ ᠨᠢᠳᠤᠨᠤᠨ ‍ᠤ ᠠᠳᠠᠯᠢ ᠬᠤᠭᠤᠴᠠᠭᠠᠨ ‍ᠤ ᠬᠢ ᠡᠴᠡ ᠥᠨᠳᠥᠷ ᠪᠠᠶᠢᠵᠤ ᠂ ᠰᠢᠨ᠎ᠡᠰᠣᠷᠭᠣᠭ ᠬᠠᠯᠠᠭᠣᠨ ᠨᠣᠭᠣᠭ᠎ᠠ ᠶ᠋ᠢᠨ ᠮᠦ ᠪᠦᠷᠢ ᠶ᠋ᠢᠨ ᠴᠡᠪᠡᠷ ᠣᠷᠣᠯᠭ᠎ᠠ ᠨᠢ 2000 ᠲᠥᠭᠥᠷᠢᠭ ᠡᠴᠡ ᠳᠡᠭᠡᠭᠰᠢ ᠬᠦᠷᠴᠣ ᠂ ᠲᠠᠷᠢᠶᠠᠴᠢᠳ ᠶ᠋ᠢᠨ ᠣᠷᠣᠯᠭ᠎ᠠ ᠪᠠᠷᠤᠭ 500 ᠲᠦᠮᠡᠨ ᠲᠥᠭᠥᠷᠢᠭ ᠨᠡᠮᠡᠭᠳᠡᠭᠰᠡᠨ ᠪᠠᠶᠢᠨ᠎ᠠ ᠃ ᠬᠠᠯᠠᠭᠤᠨ ᠨᠣᠭᠣᠭ᠎ᠠ ᠲᠠᠷᠢᠬᠤ ᠶ᠋ᠢᠨ ᠬᠠᠮᠲᠤ ᠪᠠᠰᠠ ᠲᠣᠰ ᠲᠣᠰᠬᠣᠨ ‍ᠤ ᠠᠷᠠᠳ ᠳ᠋ᠥ 50 ᠲᠦᠮᠡᠨ ᠲᠥᠭᠥᠷᠢᠭ ‍ᠦᠨ ᠬᠥᠯᠥᠰᠥᠨ ᠠᠵᠢᠯ ᠤᠨ ᠣᠷᠣᠯᠭ᠎ᠠ ᠠᠪᠴᠢᠷᠠᠵᠦ ᠦᠭᠭᠦᠭᠰᠡᠨ ᠪᠠᠶᠢᠨ᠎ᠠ ᠃

           

      2020 ᠣᠨ ᠳ᠋ᠤ  ᠳ᠋ᠠᠢ ᠲᠦᠩ ᠲᠣᠰᠬᠣᠨ ᠶᠧᠦ ᠬᠤᠸᠠ ᠬᠠᠯᠠᠭᠣᠨ ᠨᠣᠭᠣᠭ᠎ᠠ ᠶ᠋ᠢᠨ  ᠬᠣᠷᠰᠢᠶᠠᠵᠢᠯ ᠲᠠᠢ ᠬᠠᠮᠲᠤᠷᠠᠯᠴᠠᠭᠠᠨ ‍ᠤ ᠡᠷᠴᠢᠮ ‍ᠢᠶ᠋ᠡᠨ ᠦᠷᠭᠦᠯᠵᠢᠯᠡᠨ ᠴᠢᠩᠭᠠᠷᠠᠭᠤᠯᠵᠤ ᠂ 100 ᠮᠦ ᠰᠢᠨ᠎ᠡ ᠰᠣᠷᠭᠣᠭ  ᠬᠠᠯᠠᠭᠣᠨ ᠨᠣᠭᠣᠭ᠎ᠠ ᠲᠠᠷᠢᠬᠣ ᠪᠡᠷ ᠲᠦᠯᠦᠪᠯᠡᠵᠣ ᠂ ᠲᠣᠰᠬᠣᠨ ‍ᠤ ᠬᠣᠶᠠᠷ ᠵᠥᠪᠯᠡᠯ ‍ᠦᠨ ᠤᠳᠤᠷᠢᠳᠬᠤ ᠪᠠᠭ ‍ᠤᠨ ᠬᠢᠨ 2000 ᠡᠴᠡ 3000 ᠮᠦ ᠭᠠᠵᠠᠷ ᠰᠢᠷᠣᠶ ᠶ᠋ᠢ ᠡᠷᠴᠢᠮᠵᠢᠭᠦᠯᠣᠨ ᠰᠢᠯᠵᠢᠭᠦᠯᠵᠦ ᠠᠵᠤ ᠦᠢᠯᠡᠰ ‍ᠦᠨ ᠪᠦᠲᠦᠴᠡ ᠳ᠋ᠦ ᠲᠣᠬᠢᠷᠠᠭᠤᠯᠤᠯᠲᠠ ᠬᠢᠬᠦ ᠪᠡᠷ ᠲᠣᠭᠲᠠᠵᠤ ᠂ ᠬᠥᠳᠡᠭᠡ ᠲᠣᠰᠬᠣᠨ ‍ᠢ ᠬᠥᠭᠵᠢᠭᠦᠯᠦᠨ ᠮᠠᠨᠳᠤᠭᠤᠯᠬᠤ ᠳ᠋ᠤ ᠠᠰᠢᠭᠲᠠᠢ ᠨᠥᠬᠥᠴᠡᠯ ᠪᠦᠷᠢᠯᠳᠦᠭᠦᠯᠵᠦ ᠥᠭᠭᠦᠨ᠎ᠡ  ᠃
               
ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ