《 ᠡᠬᠡ ᠤᠯᠤᠰ ᠂ ᠪᠢ ᠪᠣᠯ ᠲᠠᠨ ᠤ ᠣᠮᠣᠭᠰᠢᠯ ︕ 》 — ᠲᠦᠩᠯᠢᠶᠣᠤ ᠶ᠋ᠢᠨ 《 ᠣᠪᠣᠭᠠᠨ ᠲᠡᠭᠡᠷᠡᠬᠢ ᠠᠭᠤᠯᠵᠠᠯᠲᠠ ᠶ᠋ᠢᠨ ᠭᠠᠵᠠᠷ ᠂ ᠲᠠᠨ ᠤ ᠢᠷᠡᠬᠦ ᠶ᠋ᠢ ᠬᠦᠯᠢᠶᠡᠶ᠎ᠡ 》 ᠨᠠᠢᠮᠠᠨ ᠳ᠋ᠥ ᠰᠢᠭᠤᠳ ᠨᠡᠪᠳᠡᠷᠡᠭᠦᠯᠦᠭᠡ ᠶᠠᠪᠣᠭᠳᠠᠭᠣᠯᠣᠭᠰᠠᠨ

ᠣᠩᠰᠢᠭᠰᠠᠨ ᠤᠳᠠᠭ᠎ᠠ ᠄ 1295     ᠨᠡᠶᠢᠳᠡᠯᠡᠭᠰᠡᠨ ᠴᠠᠭ ᠄ 2019/9/30 9:22:21

    

 

   9 ᠳ᠋ᠦ᠋ᠭᠡᠷ ᠰᠠᠷ᠎ᠠ ᠶ᠋ᠢᠨ 20 ‍ᠦ ᠡᠳᠦᠷ ᠂ ᠥᠪᠥᠷ ᠮᠣᠩᠭᠣᠯ ‍ᠤᠨ ᠷᠠᠳᠢᠣ᠋ ᠲᠧᠯᠸᠢᠰ ᠬᠣᠷᠢᠶ᠎ᠠ ᠡᠴᠠ ᠪᠥᠬᠥ ᠣᠷᠣᠨ ‍ᠤ ᠠᠷᠪᠠᠨ ᠬᠣᠶᠠᠷ ᠠᠶᠢᠮᠠᠭ ᠬᠣᠲᠠ ᠶ᠋ᠢᠨ ᠲᠧᠯᠸᠢᠰ ᠬᠣᠷᠢᠶ᠎ᠠ ᠪᠣᠯᠤᠨ ᠬᠡᠰᠡᠭ ᠬᠣᠰᠢᠭᠤ ᠰᠢᠶᠠᠨ ‍ᠤ ᠬᠠᠮ ᠵᠠᠭᠤᠴᠢᠯᠠᠭᠤᠷ ‍ᠤᠨ ᠲᠥᠪ ᠲᠡᠶ ᠬᠠᠮᠲᠤᠷᠠᠨ ᠦᠢᠯᠡᠳᠦᠭᠰᠡᠨ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠣᠯᠣᠭᠳᠠᠭᠰᠠᠨ 70 ᠵᠢᠯ ‍ᠦᠨ ᠣᠢ ᠶ᠋ᠢ ᠪᠡᠯᠭᠡᠯᠡᠬᠦ ᠪᠦᠬᠦ ᠵᠠᠭᠤᠴᠢᠯᠠᠭᠤᠷ ‍ᠤᠨ 《 ᠡᠬᠡ ᠤᠯᠤᠰ ᠂ ᠪᠢ ᠪᠣᠯ ᠲᠠᠨ ᠤ ᠣᠮᠣᠭᠰᠢᠯ ︕ 》 ᠮᠠᠨ ᠤ ᠬᠣᠰᠢᠭᠤᠨ ᠳ᠋ᠥ ᠢᠷᠡᠵᠣ ᠂ 17 ᠴᠠᠭ 30 ᠮᠢᠨᠦ᠋ᠲ ᠳ᠋ᠥ ᠂ ᠲᠣᠭᠯᠠᠯᠲᠠ ᠶ᠋ᠢᠨ ᠲᠠᠰᠤᠭ 《 ᠡᠬᠡ ᠤᠯᠤᠰ ᠂ ᠪᠢ ᠪᠣᠯ ᠲᠠᠨ ᠤ ᠣᠮᠣᠭᠰᠢᠯ 》 ᠭᠡᠬᠦ ᠶᠡᠷᠦᠩᠬᠡᠶ ᠹᠢᠯᠢᠮ ‍ᠢ ᠨᠡᠪᠲᠡᠷᠡᠭᠦᠯᠬᠦ ᠶ᠋ᠢ ᠳᠠᠭᠠᠯᠳᠤᠨ ᠂ ᠰᠢᠭᠤᠳ ᠨᠡᠪᠲᠡᠷᠡᠭᠦᠯᠭᠡ ᠡᠬᠢᠯᠡᠭᠰᠡᠨ ᠪᠠᠶᠢᠨ᠎ᠠ ᠃

     

     ᠲᠣᠰ ᠤᠳᠠᠭᠠᠨ ‍ᠤ ᠰᠢᠭᠤᠳ ᠨᠡᠪᠲᠡᠷᠡᠭᠦᠯᠭᠡ ᠳ᠋ᠥ ᠡᠯᠡᠰᠦ ᠮᠠᠩᠬ᠎ᠠ ᠦᠵᠡᠮᠵᠢ ᠶ᠋ᠢᠨ ᠣᠷᠣᠨ ᠪᠣᠯᠵᠤ ᠬᠤᠪᠢᠷᠠᠭᠰᠠᠨ ᠂ ᠡᠯᠪᠡᠭ ᠬᠣᠷᠢᠶᠠᠯᠳᠠ ᠶ᠋ᠢᠨ ᠪᠠᠶᠠᠷ ᠪᠠᠭᠳᠣᠯ ᠂ ᠪᠣᠣ ᠰᠢᠤ ᠯᠠᠨ ᠤ 24 ᠵᠢᠯ ᠨᠣᠭᠣᠭᠠᠷᠠᠭᠣᠯᠣᠯᠳᠠ ᠶ᠋ᠢᠨ ᠲᠦᠯᠦᠭᠡ ᠳᠡᠮᠡᠴᠡᠭᠰᠡᠨ ᠵᠡᠷᠭᠡ ᠬᠡᠳᠦᠨ ᠭᠣᠭᠴᠣᠭ᠎ᠠ ᠪᠠᠭᠳᠠᠵᠣ ᠂ ᠰᠢᠭᠤᠳ ᠨᠡᠪᠲᠡᠷᠡᠭᠦᠯᠬᠦ ᠳᠤᠭᠤᠶᠢᠯᠠᠩ ᠨᠢ ᠮᠠᠨ ‍ᠤ ᠬᠣᠰᠢᠭᠤᠨ ‍ᠤ ᠪᠣᠭᠳᠣ ᠡᠯᠡᠰᠦ ᠮᠠᠩᠬᠠᠨ ᠤ ᠵᠢᠭᠤᠯᠴᠢᠯᠠᠯ ‍ᠤᠨ ᠦᠵᠡᠮᠵᠢ ᠶ᠋ᠢᠨ ᠣᠷᠣᠨ ᠂ ᠪᠣᠭᠳᠣ ᠡᠯᠡᠰᠦ ᠮᠠᠩᠬᠠᠨ ᠤ ᠦᠪᠡᠷᠳᠡᠬᠡᠨ ᠲᠡᠷᠭᠡ ᠵᠢᠯᠣᠭᠣᠳᠴᠤ ᠬᠡᠭᠡᠷ᠎ᠡ ᠪᠠᠭᠤᠳᠠᠯᠯᠠᠬᠤ ᠭᠠᠵᠠᠷ ᠂ ᠪᠣᠣ ᠰᠢᠤ ᠯᠠᠨ ‍ᠤ ᠭᠡᠷ ᠵᠢᠴᠢ ᠲᠡᠵᠢᠭᠡᠯ ᠪᠣᠷᠳᠣᠭᠠᠨ ‍ᠤ ᠰᠠᠭᠤᠷᠢᠨ ᠭᠠᠵᠠᠷ ᠵᠡᠷᠭᠡ ᠭᠠᠵᠠᠷ ᠲᠤ ᠭᠦᠨᠵᠡᠭᠡᠶᠢᠷᠡᠵᠦ ᠂ ᠤᠲᠠᠰᠤ ᠬᠣᠯᠪᠣᠬᠤ ᠂ ᠰᠤᠷᠪᠤᠯᠵᠢᠯᠠᠭ᠎ᠠ ᠬᠢᠬᠦ ᠵᠡᠷᠭᠡ ᠣᠯᠠᠨ ᠵᠦᠢᠯ  ‍ᠦᠨ ᠬᠡᠯᠪᠡᠷᠢ ᠪᠡᠷ ᠳᠠᠮᠵᠢᠨ ᠂ ᠠᠷᠠᠳ ᠤᠨ ᠠᠮᠢᠳᠤᠷᠠᠯ ‍ᠢ ᠲᠣᠰᠬᠠᠨ ᠂ ᠨᠢᠭᠡ ᠲᠣᠰᠬᠣᠨ ᠨᠢᠭᠡ ᠬᠣᠲᠠ ᠶ᠋ᠢᠨ ᠯᠤᠲᠤ ᠶᠡᠬᠡ ᠬᠤᠪᠢᠷᠠᠯᠲᠠ ᠶ᠋ᠢ ᠢᠯᠡᠷᠡᠭᠦᠯᠦᠭᠰᠡᠨ ᠪᠠᠶᠢᠨ᠎ᠠ ᠃

     

     ᠰᠢᠯᠵᠢᠮᠡᠯ ᠰᠢᠭᠤᠳ ᠨᠡᠪᠲᠡᠷᠡᠭᠦᠯᠭᠡ ᠨᠢ ᠡᠳᠦᠷ ᠪᠦᠷᠢ ᠶ᠋ᠢᠨ ᠥᠷᠯᠥᠭᠡ ᠶ᠋ᠢᠨ ᠨᠠᠢᠮᠠᠨ ᠴᠠᠭ ᠂ ᠦᠳᠡ ᠲᠣᠮᠳᠠ ᠶ᠋ᠢᠨ ᠨᠢᠭᠡ ᠴᠠᠭ ᠪᠠ ᠦᠳᠡ ᠶ᠋ᠢᠨ ᠬᠣᠶᠢᠨᠠᠬᠢ ᠲᠠᠪᠤᠨ ᠴᠠᠭ ᠬᠠᠭᠠᠰ ᠲᠤ ᠥᠪᠥᠷ ᠮᠣᠩᠭᠣᠯ ‍ᠤᠨ ᠷᠠᠳᠢᠣ᠋ ᠲᠧᠯᠸᠢᠰ ᠬᠣᠷᠢᠶᠠᠨ ‍ᠤ ᠬᠢᠲᠠᠳ ᠬᠡᠯᠡᠨ ‍ᠦ ᠲᠧᠯᠸᠢᠰ ᠨᠡᠪᠲᠡᠷᠡᠭᠦᠯᠭᠡ ᠶ᠋ᠢᠨ ᠰᠤᠪᠠᠭ ᠂ ᠰᠣᠨᠢᠨ ᠮᠡᠳᠡᠭᠡᠨ ‍ᠦ ᠶᠡᠷᠦᠩᠬᠡᠶᠢᠯᠡᠭᠰᠡᠨ ᠰᠤᠪᠠᠭ ᠂ ᠠᠵᠤ ᠠᠬᠤᠢ ᠠᠮᠢᠳᠤᠷᠠᠯ ‍ᠤᠨ ᠰᠤᠪᠠᠭ ᠪᠣᠯᠤᠨ ᠬᠢᠲᠠᠳ ᠬᠡᠯᠡᠨ ‍ᠦ ᠶᠡᠷᠦᠩᠬᠡᠶᠢᠯᠡᠭᠰᠡᠨ ᠷᠠᠳᠢᠣ᠋ ᠨᠡᠪᠲᠡᠷᠡᠭᠦᠯᠭᠡ ᠂ ᠰᠣᠨᠢᠨ ᠮᠡᠳᠡᠭᠡᠨ ‍ᠦ ᠷᠠᠳᠢᠣ᠋ ᠨᠡᠪᠲᠡᠷᠡᠭᠦᠯᠭᠡ ᠵᠢᠴᠢ ᠲᠩᠷᠢ ᠰᠦᠯᠵᠢᠶ᠎ᠡ ᠂ ᠥᠪᠥᠷ ᠮᠣᠩᠭᠣᠯ ‍ᠤᠨ ᠷᠠᠳᠢᠣ᠋ ᠲᠧᠯᠸᠢᠰ ᠬᠣᠷᠢᠶ᠎ᠠ ᠶ᠋ᠢᠨ ᠠᠯᠪᠠᠨ ᠤ ᠪᠢᠴᠢᠯ ᠪᠦᠷᠭᠡ ᠂ ᠠᠷᠠᠳ ‍ᠤᠨ ᠰᠦᠯᠵᠢᠶ᠎ᠡ ᠂ ᠲᠥᠪ ᠲᠧᠯᠸᠢᠰ ‍ᠦᠨ ᠰᠦᠯᠵᠢᠶ᠎ᠡ ᠂ ᠲᠥᠪ ᠷᠠᠳᠢᠣ᠋ ᠨᠡᠪᠲᠡᠷᠡᠭᠦᠯᠭᠡ ᠶ᠋ᠢᠨ ᠰᠦᠯᠵᠢᠶ᠎ᠡ ᠵᠡᠷᠭᠡ ᠣᠯᠠᠨ ᠲᠠᠪᠴᠠᠩ ᠢᠶ᠋ᠡᠷ ᠦᠵᠡᠭᠴᠢᠳ ᠲᠡᠶ ᠠᠭᠤᠯᠵᠠᠵᠤ ᠂ ᠲᠥᠪ ᠲᠧᠯᠸᠢᠰ ‍ᠦᠨ ᠣᠯᠠᠨ ᠤᠯᠤᠰ ᠦᠨ ᠲᠸᠯᠸᠢᠰ ᠨᠡᠪᠳᠡᠷᠡᠭᠦᠯᠭᠡ ᠪᠡᠷ ᠭᠠᠳᠠᠭᠠᠳᠤ ᠳ᠋ᠤ ᠲᠠᠷᠬᠠᠭᠠᠬᠤ ᠪᠠ ᠲᠠᠨᠢᠯᠴᠠᠭᠤᠯᠬᠤ ᠪᠣᠯᠤᠨ᠎ᠠ ᠃ ᠡᠭᠦᠨ ‍ᠦ ᠬᠠᠮᠲᠤ ᠂ ᠡᠯ᠎ᠡ ᠠᠶᠢᠮᠠᠭ ᠬᠣᠲᠠ ᠶ᠋ᠢᠨ ᠲᠸᠯᠸᠢᠰ ᠬᠣᠷᠢᠶ᠎ᠠ ᠵᠢᠴᠢ ᠰᠢᠨ᠎ᠡ ᠵᠠᠭᠤᠴᠢᠯᠠᠭᠤᠷ ‍ᠤᠨ ᠲᠠᠪᠴᠠᠩ ᠳ᠋ᠥ ᠴᠤ ᠵᠡᠷᠭᠡ ᠪᠡᠷ ᠢᠯᠡᠷᠡᠬᠦ ᠪᠣᠯᠤᠨ᠎ᠠ ᠃

ᠢᠷᠡᠯᠳᠡ᠄ ᠨᠠᠶᠢᠷᠠᠭᠤᠯᠤᠭᠴᠢ᠄