ᠤᠯᠤᠰ ᠪᠠᠶᠢᠭᠣᠯᠣᠭᠳᠠᠭᠰᠠᠨ 70 ᠵᠢᠯ ‍ᠦᠨ ᠣᠢ ᠶ᠋ᠢ ᠪᠡᠯᠭᠡᠯᠡᠬᠦ ᠬᠣᠰᠢᠭᠤᠨ ‍ᠤ ᠠᠩᠬᠠᠳᠤᠭᠠᠷ ᠬᠤᠭᠤᠴᠠᠭᠠᠨ ‍ᠤ ᠨᠠᠰᠤᠲᠠᠶᠢᠴᠤᠳ ‍ᠤᠨ ᠤᠷᠠᠯᠢᠭ ‍ᠤᠨ ᠪᠠᠶᠠᠷ ‍ᠤᠨ ᠤᠷᠠᠨ ᠪᠢᠴᠢᠯᠭᠡ ᠤᠷᠠᠨ ᠵᠢᠷᠤᠭ ‍ᠤᠨ ᠦᠵᠡᠰᠬᠦᠯᠡᠩ ᠶᠠᠪᠣᠭᠳᠠᠭᠰᠠᠨ

ᠣᠩᠰᠢᠭᠰᠠᠨ ᠤᠳᠠᠭ᠎ᠠ ᠄ 2548     ᠨᠡᠶᠢᠳᠡᠯᠡᠭᠰᠡᠨ ᠴᠠᠭ ᠄ 2019/9/29 14:51:37

     

     9 ᠳ᠋ᠦ᠋ᠭᠡᠷ ᠰᠠᠷ᠎ᠠ ᠶ᠋ᠢᠨ 24 ‍ ᠡᠳᠦᠷ ᠂ ᠬᠣᠰᠢᠭᠤᠨ ‍ᠤ ᠨᠠᠰᠤᠲᠠᠶᠢᠴᠤᠳ ‍ᠤᠨ ᠪᠡᠶ᠎ᠡ ᠲᠠᠮᠢᠷ ‍ᠤᠨ ᠨᠡᠶᠢᠭᠡᠮᠯᠢᠭ 《 ᠤᠯᠤᠰ ᠪᠠᠶᠢᠭᠣᠯᠣᠭᠳᠠᠭᠰᠠᠨ 70 ᠵᠢᠯ ‍ᠦᠨ ᠣᠢ ᠶ᠋ᠢ ᠪᠡᠯᠭᠡᠯᠡᠬᠦ ᠬᠣᠰᠢᠭᠤᠨ ‍ᠤ ᠠᠩᠬᠠᠳᠤᠭᠠᠷ ᠬᠤᠭᠤᠴᠠᠭᠠᠨ ‍ᠤ ᠨᠠᠰᠤᠲᠠᠶᠢᠴᠤᠳ ‍ᠤᠨ ᠤᠷᠠᠯᠢᠭ ‍ᠤᠨ ᠪᠠᠶᠠᠷ ‍ᠤᠨ ᠤᠷᠠᠨ ᠪᠢᠴᠢᠯᠭᠡ ᠤᠷᠠᠨ ᠵᠢᠷᠤᠭ ‍ᠤᠨ ᠦᠵᠡᠰᠬᠦᠯᠡᠩ 》 ‍ ᠡᠷᠬᠢᠯᠡᠵᠦ ᠂ ᠬᠣᠰᠢᠭᠤᠨ ‍ᠤ ᠠᠷᠠᠳ ‍ᠤᠨ ᠵᠠᠰᠠᠭ ᠤᠨ ᠣᠷᠳᠣᠨ ‍ᠤ ᠳᠡᠳ᠋ ᠳᠠᠷᠤᠭ᠎ᠠ ᠡᠦ ᠵᠢᠶᠦ᠋ᠨ ᠮᠢᠩ ᠡᠬᠢᠯᠡᠯᠲᠡ ᠶ᠋ᠢᠨ ᠶᠣᠰᠣᠯᠠᠯ ᠳ᠋ᠤ   ᠰᠠᠭᠠᠳᠠᠬᠣ ᠶ᠋ᠢᠨ ᠬᠠᠮᠳᠣ ᠶᠠᠷᠢᠶ᠎ᠠ ᠲᠠᠯᠪᠢᠪᠠ ᠃

   

    ᠬᠣᠰᠢᠭᠤᠨ ‍ᠤ ᠨᠠᠰᠤᠲᠠᠶᠢᠴᠤᠳ ‍ᠤᠨ ᠪᠡᠶ᠎ᠡ ᠲᠠᠮᠢᠷ ‍ᠤᠨ ᠨᠡᠶᠢᠭᠡᠮᠯᠢᠭ ᠲᠣᠰᠪᠣᠷᠢ ᠡᠪᠦᠭᠡᠨ ᠪᠣᠯᠣᠩ ᠲᠣᠰᠬᠣᠨ ᠂ ᠳ᠋ᠠ ᠮᠦᠸ᠋ᠸ ᠹᠸᠩ ᠤᠷᠠᠨ ᠪᠢᠴᠢᠯᠭᠡ ᠤᠷᠠᠨ ᠵᠢᠷᠤᠭ ‍ᠤᠨ ᠦᠷᠦᠭᠡ ᠪᠣᠯᠤᠨ ᠬᠣᠰᠢᠭᠤᠨ ‍ᠤ ᠰᠣᠶᠣᠯ ‍ᠤᠨ ᠣᠷᠳᠣᠨ ᠳ᠋ᠤ ᠬᠦᠷᠴᠦ ᠬᠣᠰᠢᠭᠤᠨ ‍ᠤ ᠳᠣᠲᠣᠷᠠᠬᠢ ᠳᠤᠷ᠎ᠠ ᠪᠠᠬᠠᠲᠠᠶ ᠬᠥᠮᠦᠰ ‍ᠦᠨ ᠪᠦᠲᠦᠭᠡᠯ ‍ᠢ ᠲᠣᠭᠣᠷᠢᠨ ᠦᠵᠡᠭᠰᠡᠨ ᠪᠥᠭᠡᠳ ᠬᠣᠶᠠᠳᠤᠭᠠᠷ ᠪᠠᠭ᠎ᠠ ᠰᠤᠷᠭᠠᠭᠤᠯᠢ ᠳ᠋ᠤ 《 ᠭᠠᠷ ᠠᠳᠬᠣᠯᠴᠠᠨ ᠂ ᠣᠷᠠᠨ ᠪᠢᠴᠢᠯᠭᠡ ᠬᠢᠴᠢᠶᠡᠯ ‍ᠦᠨ ᠲᠠᠩᠬᠢᠮ ᠳ᠋ᠤ ᠣᠷᠣᠬᠤ 》 ᠭᠣᠤᠯ ᠰᠡᠳᠦᠪᠲᠦ ᠰᠤᠷᠭᠠᠨ ᠬᠥᠮᠦᠵᠢᠯ ‍ᠦᠨ ᠬᠢᠴᠢᠶᠡᠯ ᠳ᠋ᠦ ᠣᠷᠣᠯᠴᠠᠭᠰᠠᠨ ᠪᠠᠶᠢᠨ᠎ᠠ ᠃ ᠲᠣᠭᠣᠷᠢᠨ ᠦᠵᠡᠵᠦ ᠳᠠᠭᠤᠰᠤᠭᠰᠠᠨ ‍ᠤ ᠳᠠᠷᠠᠭ᠎ᠠ ᠂ ᠵᠧᠨ ᠰᠢᠩ ᠨᠡᠶᠢᠭᠡᠮ ᠲᠣᠭᠣᠷᠢᠭ ᠲᠤ  ᠨᠠᠢᠮᠠᠨ ᠬᠣᠰᠢᠭᠤᠨ ‍ᠤ ᠨᠠᠰᠤᠲᠠᠶᠢᠴᠤᠳ ‍ᠤᠨ ᠤᠷᠠᠨ ᠪᠢᠴᠢᠯᠭᠡ ᠤᠷᠠᠨ ᠵᠢᠷᠤᠭ ‍ᠤᠨ ᠠᠵᠢᠯ ᠶ᠋ᠢᠨ  ᠰᠠᠭᠣᠳᠠᠯ ᠤᠨ ᠬᠣᠷᠠᠯ ᠶᠠᠪᠣᠭᠳᠠᠭᠣᠯᠣᠭᠰᠠᠨ ᠪᠠᠶᠢᠨ᠎ᠠ᠃

  

ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ