ᠪᠠᠶᠠᠨ ᠬᠠᠩᠭᠠᠢ ᠳᠠᠭᠤᠤ ᠪᠥᠵᠢᠭ ‍ᠦᠨ ᠪᠦᠯᠬᠦᠮ ᠥᠪᠡᠷᠮᠢᠴᠡ ᠮᠠᠶᠢᠭ  ᠢᠶᠠᠷ ᠣᠯᠣᠰ ᠪᠠᠶᠢᠭᠣᠯᠣᠭᠳᠠᠭᠰᠠᠨ 70 ᠵᠢᠯ ‍ᠦᠨ ᠣᠢ ᠶ᠋ᠢ ᠪᠡᠯᠭᠡᠯᠡᠵᠣ ᠪᠠᠶᠢᠭ᠎ᠠ

ᠣᠩᠰᠢᠭᠰᠠᠨ ᠤᠳᠠᠭ᠎ᠠ ᠄ 2684     ᠨᠡᠶᠢᠳᠡᠯᠡᠭᠰᠡᠨ ᠴᠠᠭ ᠄ 2019/9/27 9:53:37

      

      ᠬᠣᠰᠢᠭᠤᠨ ‍ᠤ ᠠᠮᠢ ᠠᠬᠤᠢ ᠶ᠋ᠢᠨ ᠬᠦᠷᠢᠶᠡᠯᠡᠩ ᠳ᠋ᠥ ᠬᠦᠷᠬᠦ ᠳ᠋ᠦ ᠂ ᠠᠯᠤᠰ ᠬᠤᠯᠠ ᠡᠴᠠ ᠢᠷᠠᠭᠤ ᠴᠡᠭᠡᠯᠬᠡᠨ ᠳᠠᠭᠣᠨ ᠬᠣᠭᠣᠯᠠᠢ ᠰᠣᠨᠣᠰᠳᠠᠨ᠎ᠠ ᠃ ᠣᠶᠢᠷᠠᠳᠣᠵᠣ ᠬᠦᠷᠬᠦ ᠳ᠋ᠥ ᠨᠢᠭᠡ ᠪᠦᠯᠦᠭ ᠨᠠᠰᠣᠳᠠᠶᠢᠴᠣᠳ ᠵᠠᠷᠢᠮ ᠨᠢ ᠬᠠᠳᠠᠭ ᠪᠠᠷᠢᠵᠤ ᠂ ᠵᠠᠷᠢᠮ ᠨᠢ ᠵᠢᠵᠢᠭ ᠤᠯᠠᠭᠠᠨ ᠲᠤᠭ ᠢᠶᠡᠨ ᠬᠣᠷᠣᠶᠢᠯᠠᠨ ᠂ ᠴᠢᠷᠠᠶ ᠳᠦᠭᠦᠷᠡᠩ ᠪᠠᠶᠠᠷ ᠬᠥᠷ ᠲᠠᠢ ᠪᠠᠷ 《 ᠮᠠᠯᠴᠢᠨ ᠲᠦᠮᠡᠨ ᠡᠪ ᠬᠠᠮᠳᠣ ᠨᠠᠮ ᠢᠶᠡᠨ ᠮᠠᠭᠳᠠᠨ ᠲᠠᠭᠣᠯᠠᠨ᠎ᠠ 》 ᠭᠡᠬᠦ ᠲᠠᠭᠣᠣ ᠪᠡᠨ ᠳᠠᠭᠣᠯᠠᠵᠣ ᠤᠯᠤᠰ ᠪᠠᠶᠢᠭᠤᠯᠤᠭᠳᠠᠭᠰᠠᠨ 70 ᠵᠢᠯ ‍ᠦᠨ ᠤᠢ ᠶ᠋ᠢ ᠪᠠᠶᠠᠷᠯᠠᠨ ᠣᠭᠳᠣᠬᠣ ᠠᠵᠢᠯᠠᠯᠭ᠎ᠠ ᠳ᠋ᠥ ᠪᠡᠯᠡᠳᠭᠡᠵᠣ ᠪᠠᠶᠢᠬᠣ ᠨᠢ ᠡᠨᠡ ᠪᠢᠯᠡ ᠃

     

      

     ᠣᠶᠢᠯᠠᠭᠠᠯᠳᠠ ᠪᠡᠷ ᠂ ᠡᠨᠡᠭᠦ ᠳᠠᠭᠤᠤ ᠪᠥᠵᠢᠭ ‍ᠦᠨ ᠪᠦᠯᠬᠦᠮ ‍ᠢ ᠪᠠᠶᠠᠨ ᠬᠠᠩᠭᠠᠢ ᠳᠠᠭᠤᠤ ᠪᠥᠵᠢᠭ ‍ᠦᠨ ᠪᠦᠯᠬᠦᠮ ᠭᠡᠵᠣ ᠂ ᠲᠠᠴᠢᠨᠲᠠᠯ᠎ᠠ ᠪᠠᠯᠭᠠᠰᠤᠨ ‍ᠤ ᠠᠩᠬᠠᠳᠠᠭᠴᠢ ᠠᠷᠠᠳ ‍ᠤᠨ ᠵᠣᠬᠢᠶᠠᠨ ᠪᠠᠶᠢᠭᠣᠯᠣᠭᠰᠠᠨ ᠦᠨᠳᠦᠰᠦᠲᠡᠨ ‍ᠦ ᠳᠠᠭᠤᠤ ᠪᠥᠵᠢᠭ ‍ᠦᠨ ᠪᠦᠯᠬᠦᠮ ᠪᠠᠶᠢᠵᠣ ᠂ ᠨᠡᠶᠢᠳᠡ 50 ᠭᠠᠷᠤᠶ ᠡᠯ᠎ᠡ ᠠᠵᠢᠯ ‍ᠤᠨ ᠪᠠᠶᠢᠷᠢ ᠳ᠋ᠥ ᠪᠠᠶᠢᠭ᠎ᠠ ᠦᠨᠳᠦᠰᠦᠲᠡᠨ ‍ᠦ ᠳᠠᠭᠤᠤ ᠬᠥᠭᠵᠢᠮ ᠳ᠋ᠦ ᠪᠠᠬᠠᠲᠠᠶ ᠮᠣᠩᠭᠣᠯ ᠦᠨᠳᠦᠰᠦᠲᠡᠨ ‍ᠦ ᠠᠬ᠎ᠠ ᠳᠡᠭᠦᠦ ᠨᠡᠷ ‍ᠢᠶ᠋ᠡᠷ ᠪᠦᠷᠢᠯᠳᠦᠵᠦ ᠂ ᠲᠡᠳᠡᠨᠡᠷ ᠡᠨᠡ ᠬᠦ ᠥᠪᠡᠷᠮᠢᠴᠡ ᠠᠷᠭ᠎ᠠ ᠮᠠᠶᠢᠭ ᠢᠶᠠᠷ ᠡᠬᠡ ᠣᠯᠣᠰ ᠪᠠᠶᠢᠭᠤᠯᠤᠭᠳᠠᠭᠰᠠᠨ 70 ᠵᠢᠯ ‍ᠦᠨ ᠤᠢ ᠪᠠᠨ ᠪᠡᠯᠭᠡᠯᠡᠵᠣ ᠪᠠᠶᠢᠨ᠎ᠠ ᠃

     

     ᠳᠠᠭᠤᠤ ᠪᠥᠵᠢᠭ ‍ᠦᠨ ᠪᠦᠯᠬᠦᠮ ‍ᠦᠨ ᠭᠡᠰᠢᠭᠦᠨ ᠭᠡᠭᠡᠨᠲᠠᠨ᠎ᠠ ᠄   ᠪᠠᠶᠠᠨ ᠬᠠᠩᠭᠠᠢ ᠳᠠᠭᠤᠤ ᠪᠥᠵᠢᠭ ‍ᠦᠨ ᠪᠦᠯᠬᠦᠮ ‍ᠢ ᠵᠣᠬᠢᠶᠠᠨ ᠪᠠᠶᠢᠭᠣᠯᠣᠭᠬᠰᠠᠨ ᠭᠣᠣᠯ ᠵᠣᠷᠢᠯᠭ᠎ᠠ ᠪᠣᠯ ᠮᠠᠨ ‍ᠤ ᠡᠭᠡᠴᠢ ᠲᠡᠭᠦᠦ ᠨᠠᠷ ᠮᠣᠩᠭᠣᠯ ᠳᠠᠭᠤᠤ ᠪᠠᠨ ᠳᠠᠭᠤᠯᠠᠵᠤ ᠂ ᠮᠣᠩᠭᠣᠯ ᠪᠥᠵᠢᠭ ᠢᠶᠡᠨ ᠪᠦᠵᠢᠭᠯᠡᠨ ᠂ ᠪᠡᠶ᠎ᠡ ᠮᠠᠬᠠᠪᠣᠳ ᠢᠶᠡᠨ ᠴᠢᠭᠢᠷᠠᠭᠵᠢᠭᠤᠯᠵᠤ ᠂ ᠴᠢᠨᠠᠭᠰᠢᠯᠠᠪᠠᠯ ᠥᠷᠭᠡᠨ ᠣᠯᠠᠨ ᠲᠦᠮᠡᠨ ᠳ᠋ᠦ ᠮᠠᠨ ‍ᠤ ᠮᠣᠩᠭᠣᠯ ᠦᠨᠳᠦᠰᠦᠲᠡᠨ ‍ᠦ ᠳᠠᠭᠤᠤ ᠪᠥᠵᠢᠭ ‍ᠢ ᠲᠠᠨᠢᠭᠣᠯᠣᠨ ᠂ ᠮᠠᠨ ‍ᠤ ᠮᠣᠩᠭᠣᠯ ᠦᠨᠳᠦᠰᠦᠲᠡᠨ ‍ᠦ ᠰᠣᠶᠣᠯ ‍ᠢ ᠣᠶᠢᠯᠠᠭᠠᠭᠣᠯᠵᠣ ᠂ ᠮᠠᠨ ‍ᠤ ᠨᠠᠢᠮᠠᠨ ᠤ ᠠᠬ᠎ᠠ ᠳᠡᠭᠦᠦ ᠨᠠᠷ ᠪᠠᠰᠠ ᠮᠠᠨ ‍ᠤ ᠡᠨᠡ ᠶᠡᠬᠡ ᠭᠡᠷ ᠪᠦᠯᠢ ᠳ᠋ᠦ ᠣᠷᠣᠯᠴᠠᠬᠤ ᠶ᠋ᠢ ᠬᠦᠰᠡᠵᠦ ᠪᠠᠶᠢᠨ᠎ᠠ ᠃

   

ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ