ᠭᠣᠷᠪᠠᠨᠬᠣᠸᠠ ᠰᠤᠮᠤᠨ ‍ᠤ ᠠᠩᠬᠠᠳᠠᠭᠴᠢ ᠬᠤᠭᠤᠴᠠᠭᠠᠨ ‍ᠤ ᠦᠨᠳᠦᠰᠦᠲᠡᠨ ‍ᠦ ᠰᠣᠶᠣᠯ ᠵᠢᠭᠤᠯᠴᠢᠯᠠᠯ ‍ᠤᠨ ᠤᠷᠠᠯᠢᠭ ‍ᠤᠨ ᠨᠠᠶᠢᠷ ᠶᠠᠪᠣᠭᠳᠠᠭᠰᠠᠨ

ᠣᠩᠰᠢᠭᠰᠠᠨ ᠤᠳᠠᠭ᠎ᠠ ᠄ 1561     ᠨᠡᠶᠢᠳᠡᠯᠡᠭᠰᠡᠨ ᠴᠠᠭ ᠄ 2019/9/17 10:35:40


       9 ᠰᠠᠷ᠎ᠠ ᠶ᠋ᠢᠨ13 ᠤ ᠡᠳᠦᠷ ᠡᠴᠡ 15 ‍ᠦ ᠡᠳᠦᠷ ᠪᠣᠯᠳᠠᠯ᠎ᠠ ᠂ ᠭᠣᠷᠪᠠᠨᠬᠣᠸᠠ ᠰᠤᠮᠤᠨ ‍ᠤ ᠠᠩᠬᠠᠳᠠᠭᠴᠢ ᠬᠤᠭᠤᠴᠠᠭᠠᠨ ‍ᠤ ᠦᠨᠳᠦᠰᠦᠲᠡᠨ ‍ᠦ ᠰᠣᠶᠣᠯ ᠵᠢᠭᠤᠯᠴᠢᠯᠠᠯ ‍ᠤᠨ ᠤᠷᠠᠯᠢᠭ ‍ᠤᠨ ᠨᠠᠶᠢᠷ ᠰᠦᠯᠳᠡ ᠶ᠋ᠢᠨ ᠵᠢᠭᠤᠯᠴᠢᠯᠠᠯ ‍ᠤᠨ ᠣᠷᠣᠨ ᠳ᠋ᠤ ᠶᠠᠪᠣᠭᠳᠠᠭᠰᠠᠨ ᠪᠠᠶᠢᠨ᠎ᠠ ᠃

     ᠡᠬᠢᠯᠡᠯᠲᠡ ᠶ᠋ᠢᠨ ᠶᠣᠰᠣᠯᠠᠯ ᠳᠡᠭᠡᠷ᠎ᠡ ᠂ ᠬᠣᠰᠢᠭᠣᠨ ᠤ ᠨᠠᠮ ‍ᠤᠨ ᠬᠣᠷᠢᠶᠠᠨ ‍ᠤ ᠳᠡᠳ᠋ ᠱᠦᠵᠢ ᠂  ᠬᠣᠰᠢᠭᠣᠨ ᠤ ᠠᠷᠠᠳ ‍ᠤᠨ ᠵᠠᠰᠠᠭ ᠤᠨ ᠣᠷᠳᠣᠨ ‍ᠤ ᠬᠣᠰᠢᠭᠣᠨ ᠳᠠᠷᠤᠭ᠎ᠠ ᠪᠦᠷᠢᠨ ᠬᠤᠷᠠᠯ ᠡᠬᠢᠯᠡᠭᠰᠡᠨ ‍ᠢ ᠲᠣᠩᠬᠠᠭᠯᠠᠭᠰᠠᠨ ᠪᠠᠶᠢᠨ᠎ᠠ ᠃ ᠡᠬᠢᠯᠡᠯᠲᠡ ᠶ᠋ᠢᠨ ᠶᠣᠰᠣᠯᠠᠯ ‍ᠤᠨ ᠠᠬᠤᠶ ᠲᠠᠯᠠᠪᠠᠢ ᠳ᠋ᠤ ᠂ ᠤᠯᠤᠰ ᠡᠴᠠ ᠲᠤᠭ ᠤᠨ ᠡᠩᠨᠡᠭᠡ ᠂ ᠬᠥᠳᠡᠯᠮᠦᠷᠢ ᠶ᠋ᠢᠨ ᠵᠢᠱᠢᠶᠡᠴᠢ ᠶ᠋ᠢᠨ ᠡᠩᠨᠡᠭᠡ ᠂ ᠠᠵᠤ ᠦᠢᠯᠡᠰ ‍ᠦᠨᠡᠩᠨᠡᠭᠡᠵᠡᠷᠭᠡ ᠨᠡᠶᠢᠲᠡ 8 ᠰᠠᠯᠠᠭ᠎ᠠ ᠡᠩᠨᠡᠭᠡ ᠬᠥᠮᠦᠰ ‍ᠦᠨ ᠰᠡᠳᠬᠢᠯ ‍ᠢ ᠳᠣᠭᠳᠣᠯᠤᠭᠤᠯᠤᠮ᠎ᠠ ᠬᠥᠭ ᠠᠶᠠᠰ ᠲᠣ ᠲᠠᠯᠠᠪᠠᠢ ᠳ᠋ᠤ ᠣᠷᠣᠵᠤ ᠂ ᠨᠠᠶᠮᠠᠨ ‍ᠤ ᠰᠣᠶᠣᠯ ᠢᠷᠭᠡᠨᠰᠢᠯ  ᠤᠨ ᠣᠨᠴᠠᠯᠢᠭ ‍ᠢ ᠢᠯᠡᠷᠡᠭᠦᠯᠪᠡ ᠃

      ᠲᠣᠰ ᠨᠠᠶᠢᠷ ᠨᠢ ᠪᠥᠬᠥ ᠬᠣᠰᠢᠭᠤᠨ ‍ᠤ ᠬᠣᠶᠠᠳᠤᠭᠠᠷ ᠬᠤᠭᠤᠴᠠᠭᠠᠨ ‍ᠤ ᠡᠯᠪᠡᠭ ᠬᠤᠷᠢᠶᠠᠯᠲᠠ ᠶ᠋ᠢᠨ ᠪᠠᠶᠠᠷ ᠵᠢᠴᠢ 9 ᠳ᠋ᠦ᠋ᠭᠡᠷ ᠰᠠᠷ᠎ᠠ ᠶ᠋ᠢᠨ ᠰᠣᠶᠣᠯ ᠵᠢᠭᠤᠯᠴᠢᠯᠠᠯ ‍ᠤᠨ ᠰᠢᠷᠢᠰ ᠠᠵᠢᠯᠯᠠᠭ᠎ᠠ ᠶ᠋ᠢᠨ ᠨᠢᠭᠡ ᠪᠣᠯᠤᠭᠰᠠᠨ ‍ᠤ ᠬᠤᠪᠢ ᠳ᠋ᠤ ᠂ ᠦᠨᠳᠦᠰᠦᠲᠡᠨ ‍ᠦ ᠤᠯᠠᠮᠵᠢᠯᠠᠯᠲᠤ ᠪᠡᠶ᠎ᠡ ᠶ᠋ᠢᠨ ᠲᠠᠮᠢᠷ ‍ᠤᠨ ᠮᠡᠷᠭᠡᠵᠢᠯ ‍ᠦᠨ ᠤᠷᠤᠯᠳᠤᠭᠠᠨ ᠂ ᠰᠤᠷ ᠬᠠᠷᠪᠤᠬᠤ ᠂ ᠮᠣᠷᠢ ᠣᠷᠣᠯᠳᠤᠬᠤ ᠂ ᠪᠥᠭᠡ ᠪᠠᠷᠢᠯᠳᠤᠬᠤ ᠂ ᠠᠯᠠᠭᠠᠳᠠᠬᠤ ᠪᠥᠮᠪᠥᠭᠡ ᠶ᠋ᠢᠨ ᠤᠷᠤᠯᠳᠤᠭᠠᠨ ᠂ ᠳᠡᠭᠡᠰᠦ ᠲᠠᠲᠠᠬᠤ ᠤᠷᠤᠯᠳᠤᠭᠠᠨ ᠂ ᠪᠥᠬᠥ ᠬᠣᠰᠢᠭᠤᠨ ‍ᠤ ᠤᠯᠠᠮᠵᠢᠯᠠᠯᠲᠤ ᠦᠨᠳᠦᠰᠦᠲᠡᠨ ‍ᠦ ᠠᠨᠳᠠᠶ ᠂ ᠠᠭᠤᠳᠠᠮ ᠲᠠᠯᠠᠪᠠᠢ ᠶ᠋ᠢᠨ ᠪᠥᠵᠢᠭ ‍ᠦᠨ ᠤᠷᠤᠯᠳᠤᠭᠠᠨ ᠂ ᠰᠤᠮᠤᠨ ‍ᠤ 22 ᠭᠠᠴᠠᠭ᠎ᠠ ᠲᠣᠰᠬᠣᠨ ‍ᠤ ᠪᠡᠶ᠎ᠡ ᠶ᠋ᠢᠨ ᠲᠠᠮᠢᠷ ‍ᠤᠨ ᠳᠡᠭᠡᠰᠦ ᠲᠠᠲᠠᠬᠤ ᠂ ᠠᠯᠠᠭᠠᠳᠠᠬᠤ ᠪᠥᠮᠪᠥᠭᠡ ᠶ᠋ᠢᠨ ᠤᠷᠤᠯᠳᠤᠭᠠᠨ ᠵᠡᠷᠭᠡ ᠭᠣᠢᠳᠠ ᠰᠠᠶᠢᠬᠠᠨ ᠲᠣᠭᠯᠠᠯᠲᠠ ᠭᠠᠷᠭᠠᠭᠰᠠᠨ ᠪᠠᠶᠢᠨ᠎ᠠ ᠃ ᠦᠵᠡᠭᠴᠢ ᠬᠠᠢ ᠯᠥᠩ ᠡᠴᠡ ᠤᠷᠤᠯᠳᠤᠭᠠᠨ ᠶᠡᠭᠡ ᠰᠠᠶᠢᠨ ᠶᠠᠪᠣᠭᠳᠠᠵᠣ ᠪᠠᠶᠢᠨ᠎ᠠ ᠂ ᠪᠢ ᠬᠠᠷᠠᠭᠠᠳ ᠶᠡᠭᠡ ᠪᠠᠶᠠᠷᠯᠠᠵᠣ ᠪᠠᠶᠢᠨ᠎ᠠ ᠂ ᠮᠠᠨ ᠤ  ᠰᠣᠮᠣ ᠠᠩᠬ᠎ᠠ ᠤᠳᠠᠭ᠎ᠠ ᠡᠶᠢᠮᠦᠷᠬᠦᠦ ᠰᠣᠶᠣᠯ ᠤᠷᠠᠯᠢᠭ ‍ᠤᠨ ᠨᠠᠶᠢᠷ ‍ᠢ ᠡᠷᠬᠢᠯᠡᠨ ᠶᠠᠪᠤᠭᠳᠠᠭᠤᠯᠬᠤ ᠂ ᠬᠣᠶᠢᠰᠢᠳᠠ ᠲᠤ ᠨᠡᠩ ᠰᠠᠶᠢᠨ ᠦᠷᠨᠢᠭᠦᠯᠵᠤ ᠨᠣᠳᠣᠭ ᠠᠬ᠎ᠠ ᠲᠡᠭᠦᠦ ᠣᠯᠠᠨ ᠢᠶᠡᠨ ᠪᠠᠶᠠᠰᠬᠠᠬᠣ ᠶ᠋ᠢ ᠬᠦᠰᠡᠵᠦ ᠪᠠᠶᠢᠨ᠎ᠠ ᠃

     ᠲᠣᠰ ᠤᠳᠠᠭᠠᠨ ‍ᠤ ᠦᠨᠳᠦᠰᠦᠲᠡᠨ ‍ᠦ ᠰᠣᠶᠣᠯ ᠵᠢᠭᠤᠯᠴᠢᠯᠠᠯ ‍ᠤᠨ ᠤᠷᠠᠯᠢᠭ ‍ᠤᠨ ᠨᠠᠶᠢᠷ ᠨᠢ ᠵᠢ ᠬᠣᠰᠢᠭᠣᠨ ᠤ ᠭᠣᠷᠪᠠᠨᠬᠣᠸᠠ ᠰᠤᠮᠤᠨ ‍ᠤ ᠨᠠᠮ ‍ᠤᠨ ᠬᠣᠷᠢᠶ᠎ᠠ ᠂ ᠵᠠᠰᠠᠭ ᠤᠨ ᠣᠷᠳᠣᠨ ᠡᠴᠠ ᠭᠣᠣᠯᠯᠠᠨ ᠡᠷᠬᠢᠯᠡᠵᠦ ᠂ ᠰᠦᠯᠳᠡ ᠶ᠋ᠢᠨ ᠵᠢᠭᠤᠯᠴᠢᠯᠠᠯ ‍ᠤᠨ ᠦᠢᠯᠡᠴᠢᠯᠡᠭᠡᠨ ‍ᠦ ᠬᠢᠵᠠᠭᠠᠷᠲᠤ ᠺᠣᠮᠫᠠᠨᠢ ᠂ ᠠᠵᠢᠨᠠᠢ ᠪᠦᠭᠳᠦᠷ ᠣᠳᠣ ᠶ᠋ᠢᠨ ᠵᠢᠭᠤᠯᠴᠢᠯᠠᠯ ‍ᠤᠨ ᠬᠢᠵᠠᠭᠠᠷᠲᠤ ᠺᠣᠮᠫᠠᠨᠢ ᠶ᠋ᠢᠨ ᠬᠠᠮᠲᠤᠷᠠᠨ ᠡᠷᠬᠢᠯᠡᠵᠣ ᠂《 70 ᠵᠢᠯ ‍ᠦᠨ ᠲᠡᠮᠡᠴᠡᠯ ᠣᠨ ᠰᠢᠨ᠎ᠡ ᠴᠠᠭ ᠦᠶ᠎ᠡ 》 ᠪᠡᠷ ᠭᠣᠣᠯ ᠰᠡᠳᠦᠪ ᠪᠣᠯᠭᠠᠵᠤ ᠂ 《 ᠦᠨᠳᠦᠰᠦᠲᠡᠨ ‍ᠦ ᠰᠣᠶᠣᠯ ‍ᠤᠨ ᠠᠭᠤᠯᠬᠤᠨ ‍ᠢ ᠠᠭᠤᠳᠠᠯᠵᠤ ᠂ ᠦᠨᠳᠦᠰᠦᠲᠡᠨ ‍ᠦ ᠰᠣᠶᠣᠯ ‍ᠤᠨ ᠵᠤᠭᠠᠴᠠᠯ ‍ᠤᠨ ᠰᠤᠮᠤ ᠶ᠋ᠢ ᠪᠠᠶᠢᠭᠤᠯᠬᠤ 》 ᠬᠥᠳᠡᠭᠡ ᠲᠣᠰᠬᠣᠨ ‍ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶ᠋ᠢ ᠪᠦᠬᠦ ᠲᠠᠯ᠎ᠠ ᠪᠠᠷ ᠬᠡᠷᠡᠭᠵᠢᠭᠦᠯᠵᠦ ᠂ ᠦᠨᠳᠦᠰᠦᠲᠡᠨ ‍ᠦ ᠤᠯᠠᠮᠵᠢᠯᠠᠯᠲᠤ ᠰᠣᠶᠣᠯ ‍ᠢ ᠪᠠᠳᠠᠷᠠᠭᠤᠯᠬᠤ ᠪᠠᠷ ᠬᠠᠷᠠᠯᠲᠠ ᠪᠣᠯᠭᠠᠵᠤ ᠂ ᠭᠣᠷᠪᠠᠨᠬᠣᠸᠠ ᠰᠤᠮᠤᠨ ‍ᠤ ᠰᠦᠯᠳᠡ ᠲᠠᠯ᠎ᠠ ᠨᠤᠲᠤᠭ ‍ᠤᠨ ᠵᠤᠭᠠᠴᠠᠯ ‍ᠤᠨ ᠣᠷᠣᠨ ᠪᠣᠯᠤᠨ ᠠᠵᠢᠨᠠᠢ ᠪᠦᠭᠳᠦᠷ ᠣᠳᠣ ᠦᠵᠡᠮᠵᠢ ᠶ᠋ᠢᠨ ᠣᠷᠣᠨ ‍ᠤ ᠤᠨᠴᠠᠯᠢᠬᠳᠤ ᠵᠤᠭᠠᠴᠠᠯ ‍ᠤᠨ ᠡᠬᠢ ᠪᠠᠶᠠᠯᠢᠭ ‍ᠢ ᠠᠰᠢᠭᠯᠠᠵᠤ ᠂ ᠡᠯ᠎ᠡ ᠭᠠᠵᠠᠷ ‍ᠤᠨ ᠵᠤᠭᠠᠴᠠᠭᠰᠠᠳ ‍ᠢ  ᠲᠠᠳᠠᠨ ᠠᠪᠴᠢᠷᠠᠭᠰᠠᠨ ᠪᠠᠶᠢᠨ᠎ᠠ ᠃

     ᠭᠣᠷᠪᠠᠨᠬᠣᠸᠠ ᠰᠣᠮᠣᠨ ᠲᠠᠷᠣᠭ᠎ᠠ ᠯᠢᠶᠠᠩ ᠵᠢᠶᠦ᠋ᠨ ᠄ ᠰᠣᠶᠣᠯ ‍ᠤᠨ ᠠᠵᠢᠯᠯᠠᠭ᠎ᠠ ᠪᠠᠷ ᠳᠠᠮᠵᠢᠨ ᠂ ᠣᠯᠠᠨ ᠲᠦᠮᠡᠨ ‍ᠦ ᠠᠵᠢᠯ ᠶ᠋ᠢᠨ ᠴᠢᠯᠥᠭᠡᠨ ‍ᠦ ᠰᠣᠶᠣᠯ ‍ᠤᠨ ᠠᠮᠢᠳᠤᠷᠠᠯ ‍ᠢ ᠪᠠᠶᠠᠯᠢᠭᠵᠢᠭᠤᠯᠵᠤ ᠂ ᠬᠥᠮᠦᠰ ‍ᠦᠨ ᠰᠡᠳᠬᠢᠯ ‍ᠢ ᠨᠢᠭᠳᠠᠷᠠᠭᠣᠯᠣᠨ ᠂ ᠶᠠᠳᠠᠭᠤ ᠡᠴᠠ ᠠᠩᠭᠢᠵᠢᠷᠠᠭᠣᠯᠣᠨ ᠪᠣᠭᠣᠮᠲᠠ ᠰᠢᠪᠲᠤᠯᠬᠤ ᠳᠠᠶᠢᠯᠠᠯᠳᠤᠭᠠᠨ ‍ᠢ ᠨᠠᠩ ᠰᠠᠶᠢᠲᠤᠷ ᠬᠢᠵᠦ ᠂ ᠬᠥᠳᠡᠭᠡ ᠲᠣᠰᠬᠣᠨ ‍ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶ᠋ᠢ ᠬᠡᠷᠡᠭᠵᠢᠭᠦᠯᠵᠦ ᠂ ᠦᠵᠡᠰᠬᠦᠯᠡᠩᠲᠦ ᠰᠠᠶᠢᠬᠠᠨ ᠬᠥᠳᠡᠭᠡ ᠲᠣᠰᠬᠣᠨ ‍ᠢ ᠪᠦᠲᠦᠭᠡᠨ ᠪᠠᠶᠢᠭᠣᠯᠣᠨ᠎ᠠ ᠃

ᠢᠷᠡᠯᠳᠡ᠄ ᠨᠠᠶᠢᠷᠠᠭᠤᠯᠤᠭᠴᠢ᠄

ᠬᠠᠮᠢᠶ᠎ᠡ ᠪᠦᠬᠦᠢ ᠰᠣᠨᠢᠨ