《 ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠣᠯᠣᠭᠳᠠᠭᠰᠠᠨ 70 ᠵᠢᠯ ‍ᠦᠨ ᠣᠢ ᠶ᠋ᠢ ᠪᠡᠯᠭᠡᠯᠡᠬᠦ 》 ᠬᠣᠰᠢᠭᠤᠨ ‍ᠤ ᠠᠷᠪᠠᠨ ᠬᠣᠶᠠᠳᠤᠭᠠᠷ ᠬᠤᠭᠤᠴᠠᠭᠠᠨ ‍ᠤ ᠨᠣᠭᠣᠨᠵᠢᠶᠠᠭ᠎ᠠ ᠰᠣᠶᠣᠯ ‍ᠤᠨ ᠨᠠᠶᠢᠷ ᠦᠪᠳᠡᠭᠰᠢ ᠶᠡᠭᠡ ᠪᠡᠷ ᠶᠠᠪᠣᠭᠳᠠᠭᠰᠠᠨ

ᠣᠩᠰᠢᠭᠰᠠᠨ ᠤᠳᠠᠭ᠎ᠠ ᠄ 1041     ᠨᠡᠶᠢᠳᠡᠯᠡᠭᠰᠡᠨ ᠴᠠᠭ ᠄ 2019/9/5 15:26:55


    9 ᠰᠠᠷ᠎ᠠ ᠶ᠋ᠢᠨ 4 ‍ᠦ ᠡᠳᠦᠷ ᠂ 《 ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠣᠯᠣᠭᠳᠠᠭᠰᠠᠨ 70 ᠵᠢᠯ ‍ᠦᠨ ᠣᠢ ᠶ᠋ᠢ ᠪᠡᠯᠭᠡᠯᠡᠬᠦ 》 ᠬᠣᠰᠢᠭᠤᠨ ‍ᠤ ᠠᠷᠪᠠᠨ ᠬᠣᠶᠠᠳᠤᠭᠠᠷ ᠬᠤᠭᠤᠴᠠᠭᠠᠨ ‍ᠤ ᠨᠣᠭᠣᠨᠵᠢᠶᠠᠭ᠎ᠠ ᠰᠣᠶᠣᠯ ‍ᠤᠨ ᠨᠠᠶᠢᠷ ᠬᠣᠰᠢᠭᠤᠨ ‍ᠤ ᠠᠷᠠᠳ ‍ᠤᠨ ᠠᠭᠤᠳᠠᠮ ᠲᠠᠯᠠᠪᠠᠢ ᠳ᠋ᠤ ᠦᠪᠡᠳᠡᠭᠰᠢ ᠶᠡᠬᠡᠪᠡᠷ ᠡᠬᠢᠯᠡᠵᠦ ᠂ ᠬᠣᠰᠢᠭᠤᠨ ‍ᠤ ᠠᠷᠠᠳ ‍ᠤᠨ ᠵᠠᠰᠠᠭ ᠤᠨ ᠣᠷᠳᠣᠨ ‍ᠤ ᠳᠡᠳ᠋ ᠬᠣᠰᠢᠭᠣᠨ ᠳᠠᠷᠤᠭ᠎ᠠ ᠂ ᠳᠣᠲᠣᠭᠠᠳᠤ ᠶ᠋ᠢ ᠬᠠᠮᠠᠭᠠᠯᠠᠬᠤ ᠲᠣᠪᠴᠢᠶᠠᠨ ᠳᠠᠷᠤᠭ᠎ᠠ ᠵᠠᠩ ᠰᠢᠶᠠᠨ ᠫᠸᠩ ᠡᠬᠢᠯᠡᠯᠲᠡ ᠶ᠋ᠢᠨ ᠶᠣᠰᠣᠯᠠᠯ ᠳ᠋ᠤ ᠪᠠᠶᠠᠷ ‍ᠤᠨ ᠦᠭᠡ ᠬᠡᠯᠡᠭᠰᠡᠨ ᠪᠠᠶᠢᠨ᠎ᠠ ᠃

     ᠡᠬᠢᠯᠡᠯᠲᠡ ᠶ᠋ᠢᠨ ᠶᠣᠰᠣᠯᠠᠯ ᠲᠠᠭᠣᠰᠣᠭᠰᠠᠨ ‍ᠦ ᠳᠠᠷᠠᠭ᠎ᠠ ᠂ ᠡᠯ᠎ᠡ ᠰᠤᠮᠤ ᠰᠢᠶᠠᠩ ᠪᠠᠯᠭᠠᠰᠤ ᠲᠠᠯᠠᠪᠣᠷ ᠵᠡᠭᠡᠯᠢ ᠭᠤᠳᠤᠮᠵᠢ ᠶ᠋ᠢᠨ ᠠᠷᠠᠳ ‍ᠤᠨ ᠤᠷᠠᠯᠢᠭ ‍ᠤᠨ ᠪᠦᠯᠬᠦᠮ ‍ᠦᠨ ᠤᠷᠠᠨ ᠰᠠᠶᠢᠬᠠᠨ ‍ᠤ ᠲᠤᠰᠬᠠᠶ ᠲᠣᠭᠯᠠᠯᠲᠠ ᠵᠢᠴᠢ ᠮᠠᠯᠴᠢᠨ ᠲᠠᠷᠢᠶᠠᠴᠢᠨ ‍ᠤ ᠤᠷᠠᠨ ᠰᠠᠶᠢᠬᠠᠨ ‍ᠤ ᠲᠣᠭᠯᠠᠯᠲᠠ ᠭᠠᠷᠭᠠᠭᠰᠠᠨ ᠪᠠᠶᠢᠨ᠎ᠠ ᠃

    ᠣᠶᠢᠯᠭᠠᠯᠳᠠ ᠪᠡᠷ ᠂ ᠲᠣᠰ ᠰᠣᠶᠣᠯ ‍ᠤᠨ ᠨᠠᠶᠢᠷ ᠨᠢ 6 ᠡᠳᠦᠷ ᠬᠣᠭᠣᠴᠠᠭ᠎ᠠ ᠲᠠᠢ ᠶᠠᠪᠤᠭᠳᠠᠵᠤ ᠂ ᠣᠷᠣᠢ ᠪᠦᠷᠢ ᠶ᠋ᠢᠨ 7 ᠴᠠᠭ ᠲᠤ ᠴᠠᠭ ᠲᠣ ᠡᠬᠢᠯᠡᠨ ᠂ 9 ᠰᠠᠷ᠎ᠠ ᠶ᠋ᠢᠨ 4 ‍ᠦ ᠡᠳᠦᠷ ᠡᠴᠡ 9 ᠰᠠᠷ᠎ᠠ ᠶ᠋ᠢᠨ 5 ‍ᠦ ᠡᠳᠦᠷ ᠪᠣᠯᠲᠠᠯ᠎ᠠ ᠡᠯ᠎ᠡ ᠰᠤᠮᠤ ᠰᠢᠶᠠᠩ ᠪᠠᠯᠭᠠᠰᠤ ᠲᠠᠯᠠᠪᠣᠷ ᠵᠡᠭᠡᠯᠢ ᠭᠤᠳᠤᠮᠵᠢ ᠶ᠋ᠢᠨ ᠠᠷᠠᠳ ‍ᠤᠨ ᠤᠷᠠᠯᠢᠭ ‍ᠤᠨ ᠪᠦᠯᠬᠦᠮ ‍ᠦᠨ ᠤᠷᠠᠨ ᠰᠠᠶᠢᠬᠠᠨ ‍ᠤ ᠲᠣᠭᠯᠠᠯᠲᠠ ᠶ᠋ᠢᠨ ᠲᠤᠰᠬᠠᠶ ᠲᠠᠯᠠᠪᠠᠢ ᠵᠢᠴᠢ ᠮᠠᠯᠴᠢᠨ ᠲᠠᠷᠢᠶᠠᠴᠢᠨ ‍ᠤ ᠤᠷᠠᠨ ᠰᠠᠶᠢᠬᠠᠨ ‍ᠤ ᠬᠠᠷᠢᠭᠤ ᠮᠡᠳᠡᠭᠦᠯᠦᠯᠲᠡ ᠬᠢᠨ᠎ᠡ ︔ 9 ᠰᠠᠷ᠎ᠠ ᠶ᠋ᠢᠨ 6 ‍ᠦ ᠡᠳᠦᠷ ᠡᠴᠡ 9 ᠰᠠᠷ᠎ᠠ ᠶ᠋ᠢᠨ 7 ‍ᠦ ᠡᠳᠦᠷ ᠪᠣᠯᠲᠠᠯ᠎ᠠ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠣᠯᠣᠭᠳᠠᠭᠰᠠᠨ 70 ᠵᠢᠯ ‍ᠦᠨ ᠣᠢ ᠶ᠋ᠢ ᠪᠡᠯᠭᠡᠯᠡᠬᠦ ᠰᠢᠯᠢᠳᠡᠭ ᠳᠠᠭᠤᠤ ᠶ᠋ᠢᠨ ᠤᠷᠤᠯᠳᠤᠭᠠᠨ ᠶᠠᠪᠣᠭᠳᠠᠭᠣᠯᠵᠣ ᠂ 9 ᠰᠠᠷ᠎ᠠ ᠶ᠋ᠢᠨ 8 ‍ᠦ ᠡᠳᠦᠷ ᠬᠣᠰᠢᠭᠤᠨ ‍ᠤ ᠠᠩᠬᠠᠳᠤᠭᠠᠷ ᠬᠤᠭᠤᠴᠠᠭᠠᠨ ‍ᠤ ᠨᠠᠰᠤᠲᠠᠶᠢᠴᠤᠳ ‍ᠤᠨ ᠤᠷᠠᠯᠢᠭ ‍ᠤᠨ ᠨᠠᠶᠢᠷ ‍ᠤᠨ ᠰᠣᠳᠣᠨ ᠲᠣᠭᠯᠠᠯᠲᠠ ᠭᠠᠷᠭᠠᠬᠣ ᠪᠣᠯᠣᠨ᠎ᠠ ᠃ 9 ᠰᠠᠷ᠎ᠠ ᠶ᠋ᠢᠨ 9 ‍ᠦ ᠡᠳᠦᠷ ᠂ ᠤᠯᠠᠭᠠᠨᠮᠥ᠋ᠴᠢᠷ ‍ᠦᠨ ᠲᠤᠰᠬᠠᠶ ᠲᠠᠯᠠᠪᠠᠢ ᠶ᠋ᠢᠨ ᠬᠠᠷᠢᠭᠤ ᠮᠡᠳᠡᠭᠦᠯᠦᠯᠲᠡ ᠶ᠋ᠢᠨ ᠲᠣᠭᠯᠠᠯᠲᠠ ᠭᠠᠷᠭᠠᠨ᠎ᠠ ᠃ ᠲᠣᠰ ᠬᠤᠭᠤᠴᠠᠭᠠᠨ ‍ᠤ ᠰᠣᠶᠣᠯ ‍ᠤᠨ ᠨᠠᠶᠢᠷ ‍ᠢ ᠪᠠᠶᠠᠯᠢᠭ ᠠᠭᠤᠯᠭ᠎ᠠ ᠲᠠᠶ ᠪᠣᠯᠭᠠᠬᠤ ᠶ᠋ᠢᠨ ᠲᠥᠯᠥᠭᠡ ᠂ ᠤᠷᠠᠨ ᠰᠠᠶᠢᠬᠠᠨ ‍ᠤ ᠲᠣᠭᠯᠠᠯᠲᠠ ᠶ᠋ᠢᠨ ᠬᠤᠭᠤᠴᠠᠭᠠᠨ ᠳ᠋ᠤ ᠪᠠᠰᠠ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠶᠢᠭᠣᠯᠣᠭᠳᠠᠭᠰᠠᠨ 70 ᠵᠢᠯ ‍ᠦᠨ ᠣᠢ ᠶ᠋ᠢ ᠪᠡᠯᠭᠡᠯᠡᠬᠦ ᠬᠡᠪᠯᠡᠯ ‍ᠦᠨ ᠵᠢᠷᠤᠭ ‍ᠤᠨ ᠦᠵᠡᠰᠬᠦᠯᠡᠩ ᠂ ᠺᠢᠨᠣ᠋ ᠭᠠᠷᠭᠠᠬᠤ ᠵᠡᠷᠭᠡ ᠠᠵᠢᠯᠯᠠᠭ᠎ᠠ ᠦᠷᠨᠢᠭᠦᠯᠦᠭᠰᠡᠨ ᠪᠠᠶᠢᠨ᠎ᠠ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ