ᠥᠪᠥᠷ ᠮᠣᠩᠭᠣᠯ ‍ᠤᠨ ᠵᠠᠮᠪᠠᠯᠳᠣᠷᠵᠢ ᠮᠣᠩᠭᠣᠯ ᠡᠮ ‍ᠦᠨ ᠮᠠᠲ᠋ᠧᠷᠢᠶᠠᠯ ‍ᠤᠨ ᠬᠣᠲᠠ ᠶ᠋ᠢᠨ ᠪᠦᠲᠦᠭᠡᠨ ᠪᠠᠶᠢᠭᠤᠯᠤᠯᠲᠠ ᠶ᠋ᠢᠨ ᠲᠥᠷᠥᠯ ᠵᠦᠶ᠋ᠯ ‍ᠢ ᠲᠣᠡᠡᠳᠠᠭᠣᠨ ᠠᠬᠢᠭᠣᠯᠵᠦ ᠪᠠᠶᠢᠭ᠎ᠠ

ᠣᠩᠰᠢᠭᠰᠠᠨ ᠤᠳᠠᠭ᠎ᠠ ᠄ 5546     ᠨᠡᠶᠢᠳᠡᠯᠡᠭᠰᠡᠨ ᠴᠠᠭ ᠄ 2019/9/2 9:33:48


          ᠣᠶᠢᠷ᠎ᠠ ᠶ᠋ᠢᠨ ᠡᠳᠦᠷ ᠂ ᠰᠤᠷᠪᠤᠯᠵᠢᠯᠠᠭᠴᠢ ᠠᠵᠣ ᠦᠢᠯᠡᠳᠪᠦᠷᠢ ᠶ᠋ᠢᠨ ᠬᠦᠷᠢᠶᠡᠯᠡᠩ ᠳᠣᠭᠣᠷᠢᠭ ᠲᠣ ᠣᠯᠵᠤ ᠬᠠᠷᠠᠭᠰᠠᠨ ᠨᠢ ᠂ ᠥᠪᠥᠷ ᠮᠣᠩᠭᠣᠯ ‍ᠤᠨ ᠵᠠᠮᠪᠠᠯᠳᠣᠷᠵᠢ ᠮᠦᠽᠧᠶ ᠶ᠋ᠢᠨ ᠬᠢᠵᠠᠭᠠᠷᠲᠤ ᠺᠣᠮᠫᠠᠨᠢ ᠡᠴᠡ ᠪᠠᠯᠠ ᠣᠷᠣᠭᠤᠯᠤᠨ ᠪᠦᠲᠦᠭᠡᠨ ᠪᠠᠶᠢᠭᠣᠯᠵᠣ ᠂ ᠾᠧᠨᠠᠨ ᠮᠤᠵᠢ ᠶ᠋ᠢᠨ ᠬᠣᠶᠠᠳᠤᠭᠠᠷ ᠪᠠᠷᠢᠯᠭ᠎ᠠ ᠶ᠋ᠢᠨ ᠢᠨᠵᠧᠨᠧᠷᠢᠩ ᠤᠨ ᠬᠥᠭᠵᠢᠯᠲᠡ ᠶ᠋ᠢᠨ ᠬᠢᠵᠠᠭᠠᠷᠲᠤ ᠺᠣᠮᠫᠠᠨᠢ ᠡᠴᠡ ᠶᠡᠷᠦᠩᠬᠡᠶᠢᠯᠡᠨ ᠳᠠᠭᠠᠴᠢᠯᠠᠨ ᠪᠠᠶᠢᠭᠣᠯᠵᠣ ᠪᠠᠶᠢᠭ᠎ᠠ ᠥᠪᠥᠷ ᠮᠣᠩᠭᠣᠯ ‍ᠤᠨ ᠵᠠᠮᠪᠠᠯᠳᠣᠷᠵᠢ ᠮᠣᠩᠭᠣᠯ ᠡᠮ ‍ᠦᠨ ᠮᠠᠲ᠋ᠧᠷᠢᠶᠠᠯ ‍ᠤᠨ ᠬᠣᠲᠠ ᠶ᠋ᠢᠨ ᠪᠦᠲᠦᠭᠡᠨ ᠪᠠᠶᠢᠭᠤᠯᠤᠯᠲᠠ ᠶ᠋ᠢᠨ ᠲᠥᠷᠥᠯ ᠵᠦᠶᠯ ‍ᠤᠨ ᠪᠠᠷᠢᠯᠭ᠎ᠠ ᠶ᠋ᠢᠨ ᠠᠵᠢᠯ ᠪᠠᠴᠢᠮ ᠶᠠᠭᠠᠷᠠᠯᠳᠠᠢ ᠶᠠᠪᠣᠭᠳᠠᠵᠣ ᠂ ᠪᠠᠷᠢᠯᠭ᠎ᠠ ᠶ᠋ᠢᠨ ᠪᠦᠲᠦᠭᠡᠨ ᠪᠠᠶᠢᠭᠣᠯᠣᠯᠳᠠ ᠳ᠋ᠤ ᠣᠷᠣᠯᠴᠠᠭᠰᠠᠨ 180 ᠭᠠᠷᠤᠢ ᠪᠠᠷᠢᠯᠭ᠎ᠠ ᠶ᠋ᠢᠨ ᠠᠵᠢᠯᠴᠢᠨ ᠡᠳᠦᠷ ᠪᠦᠷᠢ 8 ᠴᠠᠭ ᠡᠴᠠ ᠳᠡᠭᠡᠭᠰᠢ ᠠᠵᠢᠯᠯᠠᠵᠤ ᠂ ᠲᠦᠷᠣᠯ ᠵᠣᠶᠢᠯ ‍ᠤᠨ ᠠᠬᠢᠴᠠ ᠣᠷᠣᠡᠡᠰᠢᠳᠡᠢ ᠶᠠᠪᠣᠡᠡᠳᠠᠵᠦ ᠪᠠᠶᠢᠨ᠎ᠠ ᠃

      ᠪᠦᠳᠣᠭᠡᠨ ᠪᠠᠶᠢᠭᠣᠯᠣᠯᠳᠠ ᠶ᠋ᠢᠨ ᠲᠣᠬᠠᠢ ᠶ᠋ᠢᠨ ᠲᠠᠯᠠᠪᠠᠢ ᠳ᠋ᠥ ᠂ ᠥᠪᠥᠷ ᠮᠣᠩᠭᠣᠯ ‍ᠤᠨ ᠵᠠᠮᠪᠠᠯᠳᠣᠷᠵᠢ ᠮᠣᠩᠭᠣᠯ ᠡᠮ ‍ᠦᠨ ᠮᠠᠲ᠋ᠧᠷᠢᠶᠠᠯ ‍ᠤᠨ ᠬᠣᠲᠠ ᠶ᠋ᠢᠨ ᠳᠡᠯᠬᠡᠨ ᠦᠵᠡᠭᠦᠯᠬᠦ ᠲᠥᠪ ‍ᠦᠨ ᠪᠣᠯᠣᠳ ᠪᠦᠲᠦᠴᠡ ᠲᠡᠶ ᠳᠡᠭᠡᠪᠦᠷ ‍ᠢ ᠳᠡᠬᠦᠵᠢᠯᠡᠵᠦ ᠣᠡᠡᠰᠠᠷᠠᠨ ᠲᠠᠭᠣᠰᠴᠦ ᠂ ᠡᠮ ‍ᠦᠨ ᠮᠠᠲ᠋ᠧᠷᠢᠶᠠᠯ ‍ᠤᠨ ᠠᠷᠠᠯᠵᠢᠶᠠᠨ ‍ᠤ ᠲᠥᠪ ‍ᠦᠨ ᠨᠢᠭᠡᠳᠣᠭᠡᠷ ᠳᠠᠪᠬᠣᠷᠭᠠᠳᠣ ᠪᠦᠳᠣᠴᠠ ᠶ᠋ᠢᠨ ᠪᠠᠷᠢᠯᠭ᠎ᠠ ᠵᠢ ᠪᠠᠷᠢᠵᠣ ᠲᠠᠭᠣᠰᠠᠬᠠᠨ ᠂ ᠬᠣᠶᠠᠳᠣᠭᠠᠷ ᠳᠠᠪᠬᠣᠷᠭᠠᠳᠣ ᠪᠦᠳᠣᠴᠠ ᠶ᠋ᠢᠨ ᠪᠠᠷᠢᠯᠭ᠎ᠠ ᠶ᠋ᠢᠨ 60% ᠶ᠋ᠢᠨ ᠪᠠᠷᠢᠯᠭ᠎ᠠ ᠵᠢ ᠪᠠᠷᠢᠵᠣ ᠲᠠᠭᠣᠰᠠᠬᠠᠨ ᠂ ᠵᠢᠱᠢᠯᠲᠡ ᠪᠡᠷ ᠥᠪᠥᠷ ᠮᠣᠩᠭᠣᠯ ‍ᠤᠨ ᠵᠠᠮᠪᠠᠯᠳᠣᠷᠵᠢ ᠮᠣᠩᠭᠣᠯ ᠡᠮ ‍ᠦᠨ ᠮᠠᠲ᠋ᠧᠷᠢᠶᠠᠯ ‍ᠤᠨ ᠬᠣᠲᠠ ᠶ᠋ᠢᠨ ᠪᠦᠬᠦᠯᠢ ᠴᠣᠭᠴᠠ ᠶ᠋ᠢᠨ ᠢᠨᠵᠧᠨᠧᠷᠢᠩ ‍ᠢ ᠡᠨᠡ ᠵᠢᠯ ‍ᠤᠨ 9 ᠰᠠᠷ᠎ᠠ ᠶ᠋ᠢᠨ ᠰᠡᠭᠦᠯᠴᠢ ᠳ᠋ᠥ ᠲᠠᠭᠣᠰᠠᠬᠣ ᠪᠣᠯᠣᠨ᠎ᠠ ᠃

      《 ᠥᠪᠥᠷ ᠮᠣᠩᠭᠣᠯ ‍ᠤᠨ ᠵᠠᠮᠪᠠᠯᠳᠣᠷᠵᠢ ᠮᠣᠩᠭᠣᠯ ᠡᠮ ‍ᠦᠨ ᠮᠠᠲ᠋ᠧᠷᠢᠶᠠᠯ ‍ᠤᠨ ᠬᠣᠲᠠ 》 ᠶ᠋ᠢᠨ ᠪᠦᠲᠦᠭᠡᠨ ᠪᠠᠶᠢᠭᠤᠯᠤᠯᠲᠠ ᠶ᠋ᠢᠨ ᠲᠥᠷᠥᠯ ᠵᠦᠢᠯ ‍ᠤᠨ ᠲᠦᠯᠦᠪᠵᠢᠬᠦᠯᠦᠭᠰᠡᠨ ᠪᠦᠲᠦᠬᠡᠨ ᠪᠠᠶᠢᠭᠣᠯᠣᠯᠳᠠ ᠶ᠋ᠢᠨ ᠪᠠᠷᠢᠯᠭ᠎ᠠ ᠶ᠋ᠢᠨ ᠳᠠᠯᠠᠪᠠᠢ 313.72 ᠮᠦ ᠭᠠᠵᠠᠷ ᠪᠠᠶᠢᠵᠣ ᠂ ᠶᠡᠷᠦᠩᠬᠡᠢ ᠪᠠᠷᠢᠯᠭ᠎ᠠ ᠶ᠋ᠢᠨ ᠲᠠᠯᠠᠪᠠᠢ 143552 ᠲᠡᠭᠰᠢ ᠳᠥᠷᠪᠡᠯᠵᠢᠨ ᠮᠸᠲ᠋ᠷ ᠲᠤ ᠬᠦᠷᠴᠦ ᠂ ᠪᠠᠷᠣᠭᠴᠠᠯᠠᠭᠰᠠᠨ ᠶᠡᠷᠦᠩᠬᠡᠢ ᠪᠡᠯᠡ ᠣᠷᠣᠭᠤᠯᠤᠯᠲᠠ 5 ᠳ᠋ᠦᠩᠰᠢᠭᠤᠷ ᠲᠥᠭᠥᠷᠢᠭ ᠲᠦ ᠬᠦᠷᠴᠡᠢ ᠃ ᠲᠥᠷᠥᠯ ᠵᠦᠶᠯ ‍ᠢ ᠬᠣᠶᠠᠷ ᠬᠤᠭᠤᠴᠠᠭ᠎ᠠ ᠬᠤᠪᠢᠶᠠᠨ ᠪᠦᠲᠦᠭᠡᠨ ᠪᠠᠶᠢᠭᠣᠯᠵᠣ ᠂ ᠨᠢᠭᠡᠳᠦᠭᠡᠷ ᠬᠤᠭᠤᠴᠠᠭᠠᠨ ‍ᠤ ᠪᠠᠯᠠ ᠣᠷᠣᠭᠤᠯᠤᠯᠲᠠ 1.2 ᠳ᠋ᠦᠩᠰᠢᠭᠤᠷ ᠲᠥᠭᠥᠷᠢᠭ ᠂ ᠪᠠᠷᠢᠯᠭ᠎ᠠ ᠶ᠋ᠢᠨ ᠲᠠᠯᠠᠪᠠᠢ 3.2 ᠲᠦᠮᠡᠨ ᠲᠡᠭᠰᠢ ᠳᠥᠷᠪᠡᠯᠵᠢᠨ ᠮᠧᠲ᠋ᠷ ᠪᠠᠶᠢᠵᠣ ᠂ ᠡᠭᠦᠨ ᠳ᠋ᠦ ᠭᠣᠣᠯᠳᠠᠭᠤ ᠲᠡᠯᠭᠡᠨ ᠦᠵᠡᠭᠦᠯᠬᠦ ᠲᠥᠪ ᠂ ᠠᠷᠠᠯᠵᠢᠶᠠᠨ ‍ᠤ ᠲᠥᠪ ᠪᠠ ᠵᠠᠮᠪᠠᠯᠳᠣᠷᠵᠢ ᠮᠦᠽᠧᠶ ᠪᠣᠢ ᠃ ᠣᠳᠣᠬᠠᠨ ᠪᠣᠯᠲᠠᠯ᠎ᠠ ᠂ ᠨᠢᠬᠡᠳᠦᠬᠡᠷ ᠬᠣᠭᠣᠴᠠᠭ᠎ᠠ ᠳ᠋ᠥ 8000 ᠲᠦᠮᠡᠨ ᠲᠥᠭᠥᠷᠢᠭ ‍ᠦᠨ ᠪᠠᠯᠠ ᠣᠷᠣᠭᠤᠯᠤᠯᠲᠠ ᠶ᠋ᠢ ᠪᠡᠶᠡᠯᠡᠬᠦᠯᠵᠣ ᠂ ᠲᠦᠷᠣᠯ ᠵᠦᠢᠯ ᠤᠨ ᠭᠣᠣᠯ ᠪᠣᠯᠬᠤ ᠪᠦᠲᠦᠭᠡᠨ ᠪᠠᠶᠢᠭᠣᠯᠣᠯᠳᠠ ᠳ᠋ᠥ ᠥᠪᠥᠷ ᠮᠣᠩᠭᠣᠯ ‍ᠤᠨ ᠵᠠᠮᠪᠠᠯᠳᠣᠷᠵᠢ ᠮᠣᠩᠭᠣᠯ ᠡᠮ ‍ᠦᠨ ᠮᠠᠲ᠋ᠧᠷᠢᠶᠠᠯ ‍ᠤᠨ ᠬᠣᠲᠠ ᠶ᠋ᠢᠨ ᠳᠡᠯᠬᠡᠨ ᠦᠵᠡᠭᠦᠯᠬᠦ ᠲᠥᠪ ᠂ ᠠᠷᠠᠯᠵᠢᠶᠠᠯᠠᠬᠤ ᠳᠣᠭᠣᠷᠢᠭ ᠂ ᠪᠠᠷᠠᠭ᠎ᠠ ᠬᠠᠳᠠᠭᠠᠯᠠᠬᠣ ᠭᠦᠢᠯᠭᠡᠭᠡᠨ ᠤ ᠳᠣᠭᠣᠷᠢᠭ ᠂ ᠤᠭ ᠭᠠᠷᠤᠯᠲᠠ ᠶ᠋ᠢᠨ ᠠᠩᠬ᠎ᠠ ᠡᠳᠡᠰᠢᠭᠦᠯᠬᠦ ᠳᠣᠭᠣᠷᠢᠭ ᠂ ᠤᠭ ᠭᠠᠷᠤᠯᠲᠠ ᠶ᠋ᠢᠨ ᠲᠥᠷᠥᠯ ᠲᠡᠮᠲᠡᠭ ‍ᠢ ᠳᠡᠯᠭᠡᠨ ᠦᠵᠡᠭᠦᠯᠵᠦ ᠣᠶᠢᠯᠠᠭᠠᠬᠤ ᠳᠣᠭᠣᠷᠢᠭ ᠂ ᠲᠣᠭᠠᠴᠢᠯᠠᠭᠰᠠᠨ ᠠᠷᠠᠯᠵᠢᠶᠠᠨ ᠤ ᠲᠠᠪᠴᠠᠩ ᠂ ᠶᠠᠰᠤ ᠴᠢᠨᠠᠷ ‍ᠢ ᠰᠢᠯᠭᠠᠨ ᠪᠠᠶᠢᠴᠠᠭᠠᠬᠣ ᠲᠥᠪ ᠵᠢᠴᠢ ᠵᠠᠮᠪᠠᠯᠳᠣᠷᠵᠢ ᠶ᠋ᠢᠨ ᠳᠤᠷᠠᠰᠬᠠᠯ ᠤᠨ ᠣᠷᠳᠣᠨ ᠪᠠᠭᠲᠠᠨ᠎ᠠ ᠃ ᠲᠤᠰ ᠲᠥᠷᠥᠯ ᠵᠦᠶᠯ ᠪᠠᠶᠢᠭᠤᠯᠤᠭᠳᠠᠭᠰᠠᠨ ‍ᠤ ᠳᠠᠷᠠᠭ᠎ᠠ ᠂ ᠵᠢᠯ ‍ᠦᠨ ᠮᠣᠩᠭᠣᠯ ᠡᠮ ‍ᠦᠨ ᠮᠠᠲ᠋ᠧᠷᠢᠶᠠᠯ ‍ᠤᠨ ᠠᠷᠠᠯᠵᠢᠶᠠᠨ ‍ᠤ ᠬᠡᠪᠴᠢᠶ᠎ᠡ ᠶ᠋ᠢ 5 ᠲᠦᠮᠡᠨ ᠲᠣᠨ ᠪᠡᠶᠡᠯᠡᠭᠦᠯᠵᠦ ᠂ ᠵᠢᠯ ‍ᠦᠨ ᠠᠷᠠᠯᠵᠢᠶᠠᠨ ‍ᠤ ᠬᠡᠮᠵᠢᠶ᠎ᠡ ᠶ᠋ᠢ 10 ᠳ᠋ᠦᠩᠰᠢᠭᠤᠷ ᠲᠥᠭᠥᠷᠢᠭ ᠡᠴᠡ ᠳᠡᠭᠡᠭᠰᠢ ᠳ᠋ᠦ ᠬᠦᠷᠭᠡᠨ ᠂ ᠭᠠᠶᠢᠯᠢ ᠲᠠᠲᠠᠪᠤᠷᠢ ᠶ᠋ᠢᠨ ᠣᠷᠣᠯᠭ᠎ᠠ ᠶ᠋ᠢ 5000 ᠲᠦᠮᠡᠨ ᠲᠥᠭᠥᠷᠢᠭ ᠡᠴᠡ ᠳᠡᠭᠡᠭᠰᠢ ᠨᠡᠮᠡᠭᠳᠡᠭᠦᠯᠵᠦ ᠂ ᠪᠥᠬᠥ ᠬᠣᠰᠢᠭᠤᠨ ‍ᠤ ᠠᠵᠤ ᠠᠬᠤᠢ ᠶ᠋ᠢᠨ ᠬᠥᠭᠵᠢᠯᠲᠡ ᠂ ᠭᠤᠷᠪᠠᠨ ᠠᠵᠤ ᠦᠢᠯᠡᠰ ‍ᠦᠨ ᠠᠭᠤᠰᠤᠯᠴᠠᠯ ᠂ ᠠᠵᠢᠯ ᠣᠯᠭᠣᠯᠲᠠ ᠶ᠋ᠢ ᠳᠠᠶᠢᠴᠢᠯᠠᠬᠤ ᠂ ᠶᠠᠳᠠᠭᠤ ᠡᠴᠠ ᠠᠩᠬᠢᠵᠢᠷᠠᠭᠣᠯᠣᠨ ᠪᠣᠭᠣᠮᠳᠠ ᠰᠢᠪᠳᠣᠯᠬᠣ ᠵᠢ ᠠᠬᠢᠭᠣᠯᠬᠣ ᠭᠣᠣᠯᠳᠠᠯᠭᠠᠳᠣ ᠲᠤᠯᠭᠠᠭᠤᠷᠢ ᠠᠵᠤ ᠦᠢᠯᠡᠰ ‍ᠦᠨ ᠨᠢᠭᠡ ᠨᠢ ᠪᠣᠯᠵᠣ ᠂ ᠪᠠᠰᠠᠴᠣ ᠡᠮ ᠡᠮᠨᠡᠯᠭᠡ ᠂ ᠨᠠᠰᠣᠳᠠᠨ ᠤ ᠠᠰᠠᠷᠠᠮᠵᠢ ᠂ ᠵᠢᠭᠤᠯᠴᠢᠯᠠᠯ ‍ᠢ ᠨᠢᠭᠡ ᠴᠣᠭᠴᠠᠵᠢᠭᠤᠯᠤᠭᠰᠠᠨ ᠡᠮᠨᠡᠬᠦ ᠰᠤᠪᠢᠯᠠᠬᠤ ᠶ᠋ᠢ ᠤᠶᠠᠯᠳᠤᠭᠤᠯᠤᠭᠰᠠᠨ ᠣᠳᠣᠬᠢᠴᠢᠯᠠᠭᠰᠠᠨ ᠣᠨᠴᠠᠯᠢᠭᠲᠤ ᠵᠢᠵᠢᠭ ᠪᠠᠯᠭᠠᠰᠤ ᠶ᠋ᠢ ᠠᠯᠬᠤᠮ ᠠᠯᠬᠤᠮ ᠢᠶᠠᠷ ᠬᠥᠭᠵᠢᠭᠦᠯᠬᠦ ᠪᠣᠯᠤᠨ᠎ᠠ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ