ᠬᠣᠰᠢᠭᠤᠨ ‍ᠤ ᠬᠣᠶᠢᠴᠢ ᠦᠶ᠎ᠡ ᠪᠠᠨ ᠬᠠᠯᠠᠮᠵᠢᠯᠠᠬᠣ ᠵᠥᠪᠯᠡᠯ ‍ᠦᠨ 《 ᠳᠤᠮᠳᠠᠳᠤ ᠪᠠᠨ ᠬᠠᠶᠢᠷᠠᠯᠠᠬᠣ 》 ᠭᠣᠤᠯ ᠰᠡᠳᠦᠪᠲᠦ ᠰᠣᠷᠭᠠᠨ ᠬᠥᠮᠦᠵᠢᠯ ‍ᠦᠨ ᠠᠵᠢᠯᠯᠠᠭ᠎ᠠ ᠶᠠᠪᠣᠭᠳᠠᠭᠣᠯᠣᠭᠰᠠᠨ

ᠣᠩᠰᠢᠭᠰᠠᠨ ᠤᠳᠠᠭ᠎ᠠ ᠄ 1047     ᠨᠡᠶᠢᠳᠡᠯᠡᠭᠰᠡᠨ ᠴᠠᠭ ᠄ 2019/8/29 15:49:11


    ᠰᠢᠨ᠎ᠡ ᠰᠣᠷᠣᠯᠭ᠎ᠠ ᠶ᠋ᠢᠨ ᠬᠣᠭᠣᠴᠠᠭ᠎ᠠ ᠤ ᠡᠬᠢᠯᠡᠬᠦ ᠲᠠᠰᠢᠷᠠᠮ ᠢᠶᠠᠷ ᠂ ᠬᠣᠰᠢᠭᠤᠨ ‍ᠤ ᠬᠣᠶᠢᠴᠢ ᠦᠶ᠎ᠡ ᠪᠠᠨ ᠬᠠᠯᠠᠮᠵᠢᠯᠠᠬᠣ ᠵᠥᠪᠯᠡᠯ ᠡᠴᠡ ᠲᠠᠪᠤᠳᠤᠭᠠᠷ ᠳᠤᠮᠳᠠᠳᠤ ᠰᠤᠷᠭᠠᠭᠤᠯᠢ ᠂ ᠲᠤᠷᠰᠢᠯᠲᠠ ᠶ᠋ᠢᠨ ᠳᠤᠮᠳᠠᠳᠤ ᠰᠤᠷᠭᠠᠭᠤᠯᠢ ᠳ᠋ᠤ ᠬᠦᠷᠴᠦ ᠲᠣᠰ ᠲᠣᠰ 《 ᠳᠤᠮᠳᠠᠳᠤ ᠪᠠᠨ ᠬᠠᠶᠢᠷᠠᠯᠠᠬᠣ 》 ᠭᠣᠤᠯ ᠰᠡᠳᠦᠪᠲᠦ  ᠰᠣᠷᠭᠠᠨ ᠬᠥᠮᠦᠵᠢᠯ ‍ᠦᠨ ᠠᠵᠢᠯᠯᠠᠭ᠎ᠠ ᠥᠷᠨᠢᠭᠦᠯᠵᠦ ᠂ ᠬᠣᠶᠠᠷ ᠰᠤᠷᠭᠠᠭᠤᠯᠢ ᠶ᠋ᠢᠨ ᠠᠩᠬ᠎ᠠ ᠵᠡᠷᠭᠡ ᠶ᠋ᠢᠨ ᠪᠠ ᠥᠨᠳᠥᠷ ᠵᠡᠷᠭᠡ ᠶ᠋ᠢᠨ ᠳᠤᠮᠳᠠᠳᠤ ᠰᠤᠷᠭᠠᠭᠤᠯᠢ ᠶ᠋ᠢᠨ ᠪᠠᠭᠰᠢ ᠰᠤᠷᠤᠭᠴᠢᠳ ᠲᠤ ᠠᠮᠢᠳᠤᠯᠢᠭ ᠰᠠᠶᠢᠬᠠᠨ 《 ᠠᠩᠬᠠᠨ ‍ᠤ ᠬᠢᠴᠢᠶᠡᠯ 》 ᠬᠢᠭᠰᠡᠨ ᠪᠠᠶᠢᠨ᠎ᠠ ᠃

    ᠬᠣᠰᠢᠭᠤᠨ ‍ᠤ ᠬᠣᠶᠢᠴᠢ ᠦᠶ᠎ᠡ ᠪᠠᠨ ᠬᠠᠯᠠᠮᠵᠢᠯᠠᠬᠣ ᠵᠥᠪᠯᠡᠯ ᠸᠢᠶᠸᠲ᠋ᠨᠠᠮ ‍ᠦᠨ ᠥᠪᠡᠷ ‍ᠢ ᠪᠡᠨ ᠬᠠᠮᠠᠭᠠᠯᠠᠨ ᠭᠡᠳᠡᠷᠭᠦ ᠴᠣᠬᠢᠬᠤ ᠲᠠᠶᠢᠨ ᠳ᠋ᠤ ᠣᠷᠣᠯᠴᠠᠵᠤ ᠦᠩᠭᠡᠷᠡᠭᠰᠡᠨ ᠮᠠ ᠶᠣᠣ ᠦ᠋ ᠵᠢ ᠣᠷᠢᠵᠣ ᠥᠪᠡᠷ ‍ᠦᠨ ᠳᠠᠶᠢᠴᠢᠨ ᠨᠥᠬᠥᠳ ᠲᠡᠶ ᠪᠡᠨ ᠬᠡᠷᠬᠢᠨ ᠥᠪᠡᠷ ‍ᠢ ᠪᠡᠨ ᠬᠠᠮᠠᠭᠠᠯᠠᠨ ᠭᠡᠳᠡᠷᠭᠦ ᠴᠣᠬᠢᠬᠤ ᠪᠠᠶᠢᠯᠳᠤᠭᠠᠨ ᠳᠤᠮᠳᠠ ᠴᠢᠰᠤ ᠤᠷᠤᠰᠬᠠᠭᠰᠠᠨ ᠥᠩᠭᠡᠷᠡᠯᠲᠡ ᠪᠠ ᠰᠢ ᠠᠨ ‍ᠤ ᠳᠠᠭᠠᠭᠤᠯᠢ ᠤᠳᠤᠨ ᠪᠠᠶᠢᠴᠠᠭᠠᠬᠣ ᠲᠥᠪ ᠠᠵᠢᠯᠯᠠᠬᠣ ᠴᠡᠷᠡᠭ ᠶ᠋ᠢᠨ ᠠᠯᠪᠠ ᠬᠠᠭᠠᠵᠣ ᠦᠩᠭᠡᠷᠡᠭᠰᠡᠨ ᠵᠠᠩ ᠪᠣᠣ ᠴᠢᠶᠠᠩ ᠡᠴᠡ 《 ᠬᠣᠶᠠᠷ ᠪᠥᠮᠪᠥᠭᠡ ᠨᠢᠭᠡ ᠣᠳᠣ 》 ᠪᠣᠯᠤᠨ 《 ᠬᠥᠮᠦᠨ ᠠᠴᠢᠶᠠᠯᠠᠭᠰᠠᠨ ᠰᠠᠨᠰᠠᠷ ‍ᠤᠨ ᠠᠶᠠᠯᠠᠯ 》 ‍ᠤᠨ ᠵᠣᠷᠢᠭ ᠰᠠᠨᠠᠭ᠎ᠠ ᠂ ᠳᠤᠮᠳᠠᠳᠤ ᠤᠯᠤᠰ ᠤᠨ ᠰᠠᠨᠰᠠᠷ ‍ᠤᠨ ᠠᠶᠠᠯᠠᠯ ‍ᠤᠨ ᠮᠡᠷᠭᠡᠵᠢᠯ ‍ᠦᠨ ᠬᠥᠭᠵᠢᠯᠲᠡ  ᠵᠡᠷᠭᠡ ᠲᠠᠯ᠎ᠠ ᠪᠡᠷ ᠨᠠᠷᠢᠨ ᠲᠠᠶᠢᠯᠪᠣᠷᠢᠯᠠᠭᠰᠠᠨ ᠪᠠᠶᠢᠨ᠎ᠠ ᠃ ᠬᠢᠴᠢᠶᠡᠯ ᠨᠢ ᠪᠣᠳᠠᠲᠠᠶ ᠲᠠᠶ ᠨᠡᠶᠢᠴᠡᠨ ᠂ ᠠᠮᠢᠳᠤᠷᠠᠯ ᠳ᠋ᠤ ᠣᠶᠢᠷᠠᠳᠴᠤ ᠂ ᠪᠠᠭᠰᠢ ᠰᠤᠷᠤᠭᠴᠢᠳ ‍ᠢ ᠶᠡᠬᠡᠳᠡ ᠵᠣᠷᠢᠭᠵᠢᠭᠣᠯᠣᠭᠰᠠᠨ ᠪᠠᠶᠢᠨ᠎ᠠ ᠃

     ᠬᠣᠰᠢᠭᠤᠨ ‍ᠤ ᠲᠠᠪᠤᠳᠤᠭᠠᠷ ᠳᠤᠮᠳᠠᠳᠤ ᠰᠤᠷᠭᠠᠭᠤᠯᠢ ᠶ᠋ᠢᠨ ᠰᠤᠷᠤᠭᠴᠢ ᠣᠶᠠᠬᠠᠨ ᠄ ᠦᠨᠣᠳᠦᠷ ᠤᠨ ᠬᠢᠴᠢᠶᠡᠯ ‍ᠢᠶ᠋ᠡᠷ ᠳᠠᠮᠵᠢᠨ ᠪᠢᠳᠡ ᠲᠣᠮᠳᠠᠳᠣ ᠣᠯᠣᠰ ᠤᠨ ᠬᠦᠭᠵᠢᠯᠳᠡ ᠂ ᠪᠢᠳᠡᠨ ᠤ ᠰᠠᠶᠢᠨ ᠰᠠᠶᠢᠬᠠᠨ ᠠᠮᠢᠳᠣᠷᠠᠯ ᠪᠦᠷ ᠦᠷᠭᠳᠡᠭᠰᠡᠨ ᠪᠠᠭᠠᠳᠣᠷᠴᠣᠳ ᠤᠨ ᠠᠮᠢ ᠨᠠᠰᠣ ᠪᠡᠷ ᠢᠶᠡᠨ ᠰᠣᠯᠢᠵᠣ ᠢᠷᠡᠭᠰᠡᠨ ᠣᠶᠢᠯᠭᠠᠵᠣ ᠂ ᠡᠨᠡ ᠡᠴᠡ ᠬᠣᠶᠢᠰᠢᠳᠡ ᠪᠢᠳᠡᠨ ᠨᠡᠩ ᠴᠢᠷᠮᠠᠶᠢᠨ ᠰᠣᠷᠣᠯᠴᠠᠵᠣ ᠂ ᠦᠪᠡᠷ ᠤᠨ ᠦᠴᠦᠬᠡᠨ ᠬᠦᠴᠦ ᠪᠠᠨ ᠣᠯᠣᠰ ᠲᠠᠭᠠᠨ ᠡᠷᠭᠦᠶ᠎ᠡ ᠬᠡᠵᠣ ᠪᠣᠳᠣᠵᠣ ᠪᠠᠶᠢᠨ᠎ᠠ ᠃

      ᠬᠣᠰᠢᠭᠤᠨ ‍ᠤ ᠲᠠᠪᠤᠳᠤᠭᠠᠷ ᠳᠤᠮᠳᠠᠳᠤ ᠰᠤᠷᠭᠠᠭᠤᠯᠢ ᠶ᠋ᠢᠨ ᠪᠠᠭᠰᠢ ᠤᠷᠭ᠎ᠠ᠄ ᠥᠨᠥᠳᠥᠷ ᠪᠢᠳᠡ ᠨᠢᠭᠡ ᠤᠳᠠᠭᠠᠨ ‍ᠤ ᠭᠦᠨ ᠭᠦᠨᠵᠡᠭᠡᠶ ᠬᠤᠪᠢᠰᠬᠠᠯ ‍ᠤᠨ ᠲᠡᠦᠬᠡ ᠶ᠋ᠢᠨ ᠰᠤᠷᠭᠠᠨ ᠬᠥᠮᠦᠵᠢᠯ ᠬᠦᠷᠲᠡᠭᠰᠡᠨ ᠶᠤᠮ ᠂ ᠡᠨᠡ ᠨᠢ ᠪᠢᠳᠡᠨ ‍ᠦ ᠤᠭ ᠰᠠᠨᠠᠭ᠎ᠠ ᠪᠠᠨ ᠦᠯᠦ ᠮᠠᠷᠲᠠᠨ ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ ᠂ ᠡᠭᠦᠷᠭᠡ ᠲᠣᠰᠢᠶᠠᠯ ᠢᠶᠡᠨ ᠰᠠᠶᠢᠲᠤᠷ ᠭᠦᠶ᠋ᠴᠡᠳᠬᠡᠵᠦ ᠂ ᠬᠣᠶᠢᠴᠢ ᠦᠶ᠎ᠡ  ᠶ᠋ᠢᠨ ᠬᠢᠨ ᠢᠶᠡᠨ ᠡᠷᠳᠡ ᠡᠳᠦᠷ ᠴᠢᠳᠠᠪᠣᠷᠢᠳᠠᠨ ᠪᠣᠯᠭᠠᠬᠣ ᠵᠣᠷᠢᠭ ‍ᠢ ᠡᠷᠴᠢᠯᠡᠭᠰᠡᠨ ᠪᠠᠶᠢᠨ᠎ᠠ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ