ᠨᠠᠰᠤᠲᠠᠢᠴᠤᠳ ‍ᠤᠨ ᠪᠡᠶ᠎ᠡ ᠶ᠋ᠢᠨ ᠲᠠᠮᠢᠷ ‍ᠤᠨ ᠴᠤᠭᠯᠠᠭᠠᠨ ‍ᠤ ᠵᠢᠭᠠᠰᠤ ᠭᠥᠬᠢᠳᠡᠬᠦ ᠤᠷᠤᠯᠳᠤᠭᠠᠨ

ᠣᠩᠰᠢᠭᠰᠠᠨ ᠤᠳᠠᠭ᠎ᠠ ᠄ 2510     ᠨᠡᠶᠢᠳᠡᠯᠡᠭᠰᠡᠨ ᠴᠠᠭ ᠄ 2019/8/20 16:57:45

 

   8 ᠰᠠᠷ᠎ᠠ ᠶ᠋ᠢᠨ 19 ‍ᠦ ᠦᠳᠡ ᠬᠣᠶᠢᠨ᠎ᠠ ᠂ ᠬᠣᠶᠠᠷ ᠡᠳᠦᠷ ‍ᠦᠨ ᠬᠤᠭᠤᠴᠠᠭ᠎ᠠ ᠪᠦᠬᠦᠢ ᠨᠠᠰᠤᠲᠠᠢᠴᠤᠳ ‍ᠤᠨ ᠪᠡᠶ᠎ᠡ ᠶ᠋ᠢᠨ ᠲᠠᠮᠢᠷ ‍ᠤᠨ ᠴᠤᠭᠯᠠᠭᠠᠨ ‍ᠤ ᠵᠢᠭᠠᠰᠤ ᠭᠥᠬᠢᠳᠡᠬᠦ ᠤᠷᠤᠯᠳᠤᠭᠠᠨ ᠲᠡᠭᠦᠰ ᠠᠮᠵᠢᠯᠲᠠ ᠲᠠᠶ ᠲᠡᠭᠦᠰᠪᠡ ᠃ 

   

     ᠪᠦᠬᠦ ᠬᠣᠲᠠ ᠡᠴᠠ ᠢᠷᠡᠭᠰᠡᠨ 9 ᠲᠥᠯᠥᠭᠡᠯᠡᠭᠴᠢᠳ ‍ᠦᠨ ᠠᠩᠭᠢ ᠳ᠋ᠤ ᠂ ᠨᠡᠢᠲᠡ 36 ᠲᠠᠮᠢᠷᠴᠢᠨ ᠣᠷᠣᠯᠳᠣᠭᠠᠨ ᠳ᠋ᠦ ᠣᠷᠣᠯᠴᠠᠵᠤ ᠂ ᠤᠷᠤᠯᠳᠤᠭᠠᠨ ᠨᠢ ᠤᠯᠤᠰ ᠤᠨ ᠵᠢᠭᠠᠰᠤ ᠭᠥᠬᠢᠳᠡᠬᠦ ᠨᠡᠶᠢᠭᠡᠮᠯᠢᠭ ‍ᠦᠨ ᠬᠠᠮᠤᠭ ‍ᠤᠨ ᠰᠢᠨ᠎ᠡ ᠭᠥᠬᠢᠳᠡᠬᠦ ᠳᠦᠷᠢᠮ ‍ᠢ ᠬᠡᠷᠡᠭᠵᠢᠭᠦᠯᠵᠦ ᠂  ᠥᠩᠭᠡᠷᠡᠭᠡᠭᠰᠡᠨ ᠤ ᠬᠢ ᠡᠴᠡ ᠨᠠᠩ ᠴᠢᠩᠭ᠎ᠠ ᠪᠠᠷᠢᠮᠵᠢᠶ᠎ᠠ ᠲᠣᠭᠲᠠᠭᠠᠵᠠᠶ ᠃ ᠬᠦᠨᠳᠦ ᠠᠳᠠᠯᠢᠳᠬᠠᠬᠤ ᠪᠠᠷ ᠳᠠᠮᠵᠢᠨ ᠂ ᠬᠣᠷᠴᠢᠨ ᠲᠣᠭᠣᠷᠢᠭ ᠂ ᠬᠣᠲᠠ ᠶ᠋ᠢᠨ ᠰᠢᠭᠤᠳ ᠬᠠᠷᠢᠶ᠎ᠠ ᠂ ᠵᠠᠷᠣᠳ ᠬᠣᠰᠢᠭᠣ ᠡᠴᠡ ᠢᠷᠡᠭᠰᠡᠨ ᠭᠤᠷᠪᠠᠨ ᠰᠠᠯᠪᠤᠷᠢ ᠲᠥᠯᠥᠭᠡᠯᠡᠭᠴᠢᠳ ‍ᠦᠨ ᠠᠩᠭᠢ ᠲᠤᠰ ᠲᠤᠰ ᠲᠡᠷᠢᠭᠦᠨ ᠳᠡᠳ᠋ ᠭᠣᠷᠪᠠᠳᠣᠭᠠᠷ ᠨᠠᠷᠡᠰ ᠲᠤ ᠣᠷᠣᠭᠰᠠᠨ ᠪᠠᠶᠢᠨ᠎ᠠ ᠃

    ᠵᠢᠭᠠᠰᠤ ᠭᠥᠬᠢᠳᠡᠬᠦ ᠨᠢ ᠬᠥᠮᠦᠨ ‍ᠦ ᠪᠡᠶ᠎ᠡ ᠰᠡᠳᠬᠢᠯ ‍ᠦᠨ ᠡᠷᠡᠭᠦᠯ ᠴᠢᠭᠢᠷᠠᠭ ‍ᠢ ᠠᠬᠢᠭᠤᠯᠳᠠᠭ ᠂  ᠪᠠᠰᠠᠴᠣ ᠨᠢᠭᠡ ᠵᠦᠢᠯ ‍ᠦᠨ ᠨᠠᠰᠣᠲᠠᠶᠢᠴᠣᠳ ᠵᠠᠯᠠᠭᠤᠴᠤᠳ ᠲᠤ ᠪᠦᠷ ᠲᠣᠬᠢᠷᠠᠬᠤ ᠲᠠᠮᠢᠷ ‍ᠤᠨ ᠤᠷᠤᠯᠳᠤᠭᠠᠨ ᠪᠠᠶᠢᠵᠣ ᠂ ᠲᠣᠰ ᠣᠳᠠᠭᠠᠨ ᠤ ᠬᠠᠮᠤᠭ ᠪᠠᠭ᠎ᠠ ᠲᠠᠮᠢᠷᠴᠢᠨ ᠨᠢ ᠨᠢᠭᠡᠨᠲᠡ ᠪᠦᠬᠦᠯᠢ 60 ᠨᠠᠰᠤ ᠬᠦᠷᠴᠣ ᠂ ᠭᠡᠪᠡᠴᠦ ᠤᠷᠤᠯᠳᠤᠭᠠᠨ ᠳ᠋ᠤ ᠬᠠᠷᠢᠨ ᠨᠢᠭᠡ ᠨᠢᠭᠡ ᠪᠡᠷ ‍ᠢᠶ᠋ᠡᠨ ᠴᠤᠭ ᠵᠢᠪᠬᠤᠭ᠎ᠠ  ᠪᠠᠳᠠᠷᠠᠨ ᠂ ᠥᠭᠶᠥᠭᠡ ᠡᠯᠭᠦᠵᠦ ᠂ ᠵᠢᠭᠠᠰᠤ ᠪᠠᠷᠢᠬᠤ ᠪᠦᠷᠢ ᠣᠯᠠᠨ ᠢᠶᠠᠷ ᠢᠶᠡᠨ ᠪᠠᠶᠠᠷ ᠬᠥᠷ ᠲᠠᠢ ᠪᠠᠷ ᠢᠷᠡᠵᠦ ᠰᠡᠭᠦᠳᠡᠷ ᠲᠠᠲᠠᠭᠤᠯᠤᠨ ᠳᠤᠷᠠᠰᠬᠠᠯ  ᠦᠯᠡᠳᠡᠭᠡᠨ᠎ᠡ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ