ᠸᠠᠩ ‍ᠤᠨ ᠣᠷᠳᠣᠨ

ᠣᠩᠰᠢᠭᠰᠠᠨ ᠤᠳᠠᠭ᠎ᠠ ᠄ 11897     ᠨᠡᠶᠢᠳᠡᠯᠡᠭᠰᠡᠨ ᠴᠠᠭ ᠄ 2019/8/12 10:15:57


    ᠸᠠᠩ ‍ᠤᠨ ᠣᠷᠳᠣᠨ ᠪᠣᠯ ᠳᠠᠷᠤᠶ ᠵᠡᠭᠦᠨ ᠬᠡᠰᠡᠭ ‍ᠦᠨ ᠣᠷᠣᠨ ‍ᠤ ᠳᠣᠲᠣᠷᠠᠬᠢ ᠲᠦᠩᠯᠢᠶᠣᠤ ᠬᠣᠲᠠ ᠶ᠋ᠢᠨ ᠨᠠᠢᠮᠠᠨ ᠬᠣᠰᠢᠭᠤᠨ ‍ᠤ ᠸᠠᠩ ‍ᠤᠨ ᠣᠷᠳᠣᠨ ᠵᠡᠭᠡᠯᠢ ᠶ᠋ᠢᠨ ᠪᠠᠷᠠᠭᠤᠨ ᠬᠡᠰᠡᠭ ᠲᠦ ᠪᠠᠶᠢᠷᠢᠯᠠᠵᠤ ᠪᠠᠶ᠋ᠭ᠎ᠠ ᠴᠢᠩ ᠤᠯᠤᠰ ᠡᠴᠠ ᠦᠶ᠎ᠡ ᠶ᠋ᠢᠨ ᠨᠠᠢᠮᠠᠨ ᠸᠠᠩ ‍ᠤᠨ ᠣᠷᠳᠣᠨ ᠪᠣᠯᠤᠨ᠎ᠠ ᠃ ᠡᠨᠡ ᠬᠦ ᠸᠠᠩ ‍ᠤᠨ ᠣᠷᠳᠣᠨ ᠪᠣᠯ ᠥᠪᠥᠷ ᠮᠣᠩᠭᠣᠯ ‍ᠤᠨ ᠥᠪᠡᠷᠲᠡᠭᠡᠨ ᠵᠠᠰᠠᠬᠤ ᠣᠷᠣᠨ ‍ᠤ ᠣᠳᠣ ᠦᠢᠯᠡᠳᠴᠦ ᠪᠠᠶ᠋ᠭ᠎ᠠ ᠨᠢᠭᠡᠨ ᠨᠡᠯᠢᠶᠡᠳ ᠪᠦᠷᠢᠨ ᠪᠦᠲᠦᠨ ᠴᠢᠩ ᠤᠯᠤᠰ ᠡᠴᠠ ᠦᠶ᠎ᠡ ᠶ᠋ᠢᠨ ᠸᠠᠩ ‍ᠤᠨ ᠣᠷᠳᠣᠨ ᠪᠣᠯᠬᠤ ᠪᠥᠭᠡᠳ ᠴᠢᠩ ᠤᠯᠤᠰ ᠡᠴᠠ ᠦᠶ᠎ᠡ ᠶ᠋ᠢᠨ ᠮᠣᠩᠭᠣᠯ ᠸᠠᠩ ᠭᠦᠩ ‍ᠦᠨ ᠣᠷᠳᠣᠨ ᠂ ᠨᠠᠢᠮᠠᠨ ᠬᠣᠰᠢᠭᠤᠨ ‍ᠤ ᠬᠠᠮᠤᠭ ᠳᠡᠭᠡᠰᠦ ᠨᠣᠶᠠᠷᠬᠠᠯ ᠣᠨ ᠪᠠᠶᠢᠭᠤᠯᠤᠮᠵᠢ ᠪᠣᠯᠤᠨ᠎ᠠ ᠃ ᠡᠨᠡ ᠸᠠᠩ ‍ᠤᠨ ᠣᠷᠳᠣᠨ ᠪᠣᠯ ᠨᠠᠢ ᠮᠠᠨ ᠳᠥᠷᠪᠡᠨ ᠪᠠᠶᠢᠭᠤᠯᠵᠤ ᠲᠠᠪᠤ᠋ ᠶ᠋ᠢ ᠨᠡᠭᠦᠯᠭᠡᠭᠰᠡᠨ ᠬᠠᠮᠤᠭ ᠰᠡᠭᠦᠯᠴᠢ ᠶ᠋ᠢᠨ ᠸᠠᠩ ‍ᠤᠨ ᠣᠷᠳᠣᠨ ᠪᠣᠯᠤᠨ᠎ᠠ ᠃ ᠨᠠᠮᠠᠨ ‍ᠤ ᠠᠷᠪᠠᠨ ᠨᠢᠭᠡᠳᠦᠭᠡᠷ ᠲᠤᠰᠢᠶᠠᠯ ‍ᠤᠨ ᠬᠠᠭᠠᠨ ᠲᠥᠷᠥ ᠭᠡᠷᠡᠯᠲᠦᠨ᠎ᠡ ᠬᠠᠭᠠᠨ ‍ᠤ ᠲᠠᠪᠤᠨᠠᠩ ᠮᠠᠲᠠᠮᠴᠤᠭᠵᠠᠪ 1863 ᠣᠨ ᠳ᠋ᠤ ᠨᠢᠭᠡᠨᠲᠡ 150 ᠵᠢᠯ ‍ᠦᠨ ᠲᠡᠦᠬᠡ ᠲᠡᠶ ᠪᠣᠯᠵᠠᠶ ᠃

    1985 ᠣᠨ 4 ᠰᠠᠷ᠎ᠠ ᠶ᠋ᠢᠨ 1 ‍ᠦ ᠡᠳᠦᠷ ᠲᠡᠦᠬᠡ ᠶ᠋ᠢᠨ ᠳᠤᠷᠠᠰᠬᠠᠯᠲᠤ ᠵᠦᠢᠯᠡᠰ ‍ᠢ ᠬᠠᠮᠢᠶᠠᠷᠬᠤ ᠭᠠᠵᠠᠷ ‍ᠤᠨ ᠰᠠᠭᠤᠷᠢᠨ ᠳᠡᠭᠡᠷ᠎ᠡ ᠨᠠᠢᠮᠠᠨ ᠬᠣᠰᠢᠭᠤᠨ ‍ᠤ ᠸᠠᠩ ‍ᠤᠨ ᠣᠷᠳᠣᠨ ‍ᠤ ᠮᠦᠽᠧᠶ ᠪᠠᠶᠢᠭᠤᠯᠪᠠ ᠃ 《 ᠨᠠᠢᠮᠠᠨ ᠸᠠᠩ ‍ᠤᠨ ᠣᠷᠳᠣᠨ ‍ᠤ ᠮᠦᠽᠧᠶ 》 ᠭᠡᠬᠦ ᠫᠠᠶᠢᠰᠠ ᠢᠯᠡᠷᠬᠡᠶᠢᠯᠡᠯ ‍ᠢ ᠪᠦᠬᠦ ᠤᠯᠤᠰ ᠡᠴᠠ ᠠᠷᠠᠳ ‍ᠤᠨ ᠲᠥᠯᠥᠭᠡᠯᠡᠭᠴᠢᠳ ‍ᠦᠨ ᠶᠡᠬᠡ ᠬᠤᠷᠠᠯ ‍ᠤᠨ ᠳᠡᠳ᠋ ᠬᠣᠷᠢᠶᠠᠨ ᠳᠠᠷᠤᠭ᠎ᠠ ᠪᠥᠭᠡ 92 ᠵᠢᠯ ‍ᠦᠨ ᠲᠤᠷᠰᠢ ᠸᠠᠩ ‍ᠤᠨ ᠣᠷᠳᠣᠨ ‍ᠢ ᠲᠣᠭᠣᠷᠢᠨ ᠦᠵᠡᠵᠦ ᠪᠠᠶᠢᠬᠤ ᠳ᠋ᠠᠭᠠᠨ ᠪᠢᠴᠢᠭᠰᠡᠨ ᠶᠤᠮ ᠃ 1985 ᠣᠨ 5 ᠰᠠᠷ᠎ᠠ ᠶ᠋ᠢᠨ 10 ‍ᠦ ᠡᠳᠦᠷ ᠥᠪᠥᠷ ᠮᠣᠩᠭᠣᠯ ‍ᠤᠨ ᠥᠪᠡᠷᠲᠡᠭᠡᠨ ᠵᠠᠰᠠᠬᠤ ᠣᠷᠣᠨ ‍ᠤ ᠠᠷᠠᠳ ‍ᠤᠨ ᠵᠠᠰᠠᠭ ᠣᠨ ᠣᠷᠳᠣᠨ ᠡᠴᠠ ᠪᠦᠬᠦ ᠣᠷᠣᠨ ‍ᠤ ᠭᠣᠤᠯᠳᠠᠯᠭ᠎ᠠ ᠲᠠᠶ ᠲᠡᠦᠬᠡ ᠶ᠋ᠢᠨ ᠳᠤᠷᠠᠰᠬᠠᠯᠲᠤ ᠵᠦᠢᠯᠡᠰ ‍ᠦᠨ ᠬᠠᠮᠠᠭᠠᠯᠠᠯᠲᠠ ᠶ᠋ᠢᠨ ᠨᠢᠭᠡᠴᠢ ᠪᠡᠷ ᠲᠣᠭᠲᠠᠭᠠᠪᠠ ᠃ 1993 ᠣᠨ ᠳ᠋ᠤ 《 ᠪᠦᠬᠦ ᠤᠯᠤᠰ ᠡᠴᠠ ᠲᠤᠰᠬᠠᠶ ᠣᠷᠣᠨ ᠰᠢᠶᠠᠨ ‍ᠤ ᠲᠡᠰ ‍ᠤᠨ ᠰᠢᠯᠢᠳᠡᠭ ᠮᠦᠽᠧᠶ 》 ᠢᠶᠠᠷ ᠦᠨᠡᠯᠡᠭᠳᠡᠪᠡ ᠃ ᠤᠯᠤᠰ ᠡᠴᠠ ᠭᠤᠷᠪᠠᠳᠤᠭᠠᠷ ᠲᠡᠰ ‍ᠤᠨ ᠮᠦᠽᠧᠶ ᠂ ᠤᠯᠤᠰ ᠡᠴᠠ A A A ᠲᠡᠰ ‍ᠤᠨ ᠵᠢᠭᠤᠯᠴᠢᠯᠠᠯ ‍ᠤᠨ ᠦᠵᠡᠮᠵᠢ ᠶ᠋ᠢᠨ ᠣᠷᠣᠨ ‍ᠢ 2013 ᠣᠨ 5 ᠰᠠᠷ᠎ᠠ ᠳ᠋ᠤ ᠲᠥᠷᠥ ᠶ᠋ᠢᠨ ᠶᠠᠪᠤᠳᠠᠯ ‍ᠤᠨ ᠬᠣᠷᠢᠶ᠎ᠠ ᠡᠴᠠ ᠳᠣᠯᠣᠳᠤᠭᠠᠷ ᠪᠦᠯᠦᠭ ‍ᠦᠨ ᠤᠯᠤᠰ ᠡᠴᠠ ᠬᠠᠮᠠᠭᠠᠯᠠᠯᠲᠠ ᠶ᠋ᠢᠨ ᠨᠢᠭᠡᠴᠢ ᠪᠣᠯᠭᠠᠪᠠ ᠃

    ᠲᠡᠮᠳᠡᠭᠯᠡᠯ ᠢ ᠦᠨᠳᠦᠰᠦᠯᠡᠪᠡᠯ ᠂ ᠨᠠᠢᠮᠠᠨ ᠶᠤᠸᠠᠨ ᠤᠯᠤᠰ ᠮᠠᠨᠳᠤᠬᠤ ᠡᠴᠠ ᠡᠮᠦᠨ᠎ᠡ ᠨᠢᠭᠡᠨᠲᠡ ᠨᠢᠭᠡ ᠠᠶᠢᠮᠠᠭ ᠪᠣᠯᠤᠨ ᠪᠦᠷᠢᠯᠳᠦᠵᠦ ᠂ ᠠᠪᠢᠶᠠᠴᠢᠯᠠᠨ ᠣᠷᠴᠢᠭᠤᠯᠤᠭᠰᠠᠨ ᠰᠢᠯᠲᠠᠭᠠᠨ ᠡᠴᠠ ᠪᠣᠯᠵᠤ ᠪᠠᠰᠠ ᠨᠠᠢᠮᠠᠨ ᠠᠶᠢᠮᠠᠭ ᠭᠡᠵᠦ ᠨᠡᠷᠡᠶᠢᠳᠴᠡᠶ ᠃ ᠨᠠᠢᠮᠠᠨ ᠨᠤᠲᠤᠭ ᠪᠣᠯ ᠴᠠᠬᠠᠷ ᠮᠣᠩᠭᠣᠯ ‍ᠤᠨ ᠨᠠᠢᠮᠠᠨ ᠬᠣᠰᠢᠭᠤᠨ ‍ᠤ ᠨᠢᠭᠡ ᠪᠣᠯᠬᠤ ᠨᠠᠢᠮᠠᠨ ᠬᠣᠰᠢᠭᠤᠨ ‍ᠤ ᠡᠷᠭᠦᠮᠵᠢᠯᠡᠯ ‍ᠦᠨ ᠭᠠᠵᠠᠷ ᠪᠣᠯᠤᠨ᠎ᠠ ᠃ ᠨᠠᠢᠮᠠᠨ ᠠᠶᠢᠮᠠᠭ ‍ᠤᠨ ᠲᠦᠷᠦᠭᠦᠦ ᠂ ᠶᠤᠸᠠᠨ ᠲᠠᠶᠢᠽᠦ ᠴᠢᠩᠭᠢᠰ ᠬᠠᠭᠠᠨ 19 ᠳ᠋ᠦ᠋ᠭᠡᠷ ᠵᠠᠭᠤᠨ ‍ᠤ ᠬᠣᠶᠢᠴᠢᠰ ᠡᠰᠡᠨ ᠸᠧᠶ ᠵᠧᠩ ᠲᠤᠰ ᠭᠠᠵᠠᠷ ‍ᠢ ᠠᠶᠢᠮᠠᠭ ‍ᠤᠨ ᠴᠣᠯᠠ ᠡᠷᠭᠦᠮᠵᠢᠯᠡᠵᠦ ᠂ ᠨᠠᠶ᠋ᠮᠠᠨ ᠠᠶᠢᠮᠠᠭ ᠭᠡᠳᠡᠭ ᠃ ᠬᠣᠶᠢᠲᠤ ᠠᠯᠲᠠᠨ ᠤᠯᠤᠰ ᠡᠴᠠ ᠲᠩᠷᠢ ᠶ᠋ᠢᠨ ᠰᠡᠴᠡᠨ ‍ᠦ ᠲᠡᠷᠢᠭᠦᠨ ᠣᠨ ( 1627 ᠣᠨ ) ᠳ᠋ᠤ ᠂ ᠨᠠᠢᠮᠠᠨ ᠠᠶᠢᠮᠠᠭ ‍ᠤᠨ ᠲᠦᠷᠦᠭᠦᠦ ᠂ ᠡᠰᠡᠨ ᠸᠧᠶ ᠵᠧᠩ ‍ᠦᠨ ᠬᠥᠪᠡᠭᠦᠨ ᠭᠣᠨᠴᠤᠭ ( ᠴᠢᠩ ᠤᠯᠤᠰ ᠡᠴᠠ ᠰᠤᠳᠤᠷ ᠲᠡᠮᠳᠡᠭᠯᠡᠯ ᠨᠢ ᠭᠣᠨᠴᠦᠰᠪᠠᠲᠦᠷᠥ ) ‍ᠢ ᠲᠤᠰ ᠬᠠᠭᠠᠨ ‍ᠤ ᠴᠠᠬᠠᠷ ᠠᠢᠮᠠᠭ ᠡᠴᠠ ᠰᠠᠯᠭᠠᠵᠤ ᠂ ᠬᠠᠷᠢᠶᠠᠲᠤ ᠠᠢᠮᠠᠭ ᠢᠶᠡᠨ ᠳᠠᠭᠠᠭᠤᠯᠤᠨ ᠬᠣᠶᠢᠲᠤ ᠠᠯᠲᠠᠨ ᠤᠯᠤᠰ ‍ᠢ ᠳᠠᠭᠠᠭᠰᠠᠨ ᠪᠠᠶᠢᠨ᠎ᠠ ᠃ ᠲᠩᠷᠢ ᠶ᠋ᠢᠨ ᠰᠡᠴᠡᠨ ‍ᠦ ᠠᠷᠪᠠᠳᠤᠭᠠᠷ ᠣᠨ ( 1636 ᠣᠨ ) ᠳ᠋ᠤ ᠬᠣᠩ ᠲᠠᠶᠢᠵᠢ ᠰᠠᠭᠤᠷᠢᠨ ᠳ᠋ᠤ ᠰᠠᠭᠤᠵᠤ ᠂ ᠤᠯᠤᠰ ᠡᠴᠠ ᠴᠣᠯᠠ ᠪᠠᠨ ᠳᠠᠶᠢᠴᠢᠩ ᠤᠯᠤᠰ ᠭᠡᠵᠦ ᠂ ᠣᠨ ᠴᠣᠯᠠ ᠪᠠᠨ ᠴᠥᠩ ᠳ᠋ᠧ ᠵᠢᠨ ᠲᠡᠷᠢᠭᠦᠨ ᠣᠨ ᠭᠡᠵᠦ ᠬᠠᠯᠠᠵᠠᠶ ᠃ ᠲᠡᠷᠡᠴᠢᠯᠡᠨ ᠬᠠᠷᠢᠶᠠᠲᠤ ᠭᠠᠳᠠᠭᠠᠳᠤ ᠮᠣᠩᠭᠣᠯ ‍ᠤᠨ ᠡᠯ᠎ᠡ ᠠᠢᠮᠠᠭ ‍ᠢ 《 ᠬᠣᠰᠢᠭᠤ 》 ᠪᠣᠯᠭᠠᠨ ᠲᠣᠭᠲᠠᠭᠠᠵᠠᠶ ᠃ ᠨᠠᠢᠮᠠᠨ ᠬᠣᠰᠢᠭᠤ ᠪᠣᠯ ᠳᠣᠲᠣᠭᠠᠳᠤ ᠵᠠᠰᠠᠭ ᠣᠨ 24 ᠠᠶᠢᠮᠠᠭ 49 ᠬᠣᠰᠢᠭᠤᠨ ‍ᠤ ᠨᠢᠭᠡ ᠪᠣᠯᠤᠨ᠎ᠠ ᠃ ᠰᠢᠷᠢᠶ᠎ᠡ ᠳ᠋ᠤ ᠤᠷᠢᠳ ᠬᠣᠵᠢᠳ ᠭᠠᠪᠢᠶ᠎ᠠ ᠵᠢᠳᠬᠦᠯ ᠭᠠᠷᠭᠠᠵᠤ ᠂ ᠴᠢᠩᠭᠢᠰ ᠬᠠᠭᠠᠨ ‍ᠤ ᠬᠣᠷᠢᠳᠤᠭᠠᠷ ᠦᠶ᠎ᠡ ᠶ᠋ᠢᠨ ᠠᠴᠢ ᠭᠣᠨᠴᠣᠭ ‍ᠢ ᠲᠥᠷᠥ ᠶ᠋ᠢᠨ ᠳᠠᠷᠬᠠᠨ ᠵᠢᠶᠦ᠋ᠨ ᠸᠠᠩ ‍ᠤᠨ ᠬᠡᠷᠭᠡᠮ ᠡᠷᠭᠦᠮᠵᠢᠯᠡᠵᠦ ᠂ ᠦᠶ᠎ᠡ ᠤᠯᠠᠷᠢᠨ ᠵᠠᠯᠭᠠᠮᠵᠢᠯᠠᠭᠰᠠᠨ ᠪᠠᠶᠢᠨ᠎ᠠ ᠃ ᠡᠭᠦᠨ ᠡᠴᠡ ᠡᠬᠢᠯᠡᠨ ᠨᠠᠢᠮᠠᠨ ᠬᠣᠰᠢᠭᠤᠨ ‍ᠤ ᠵᠠᠰᠠᠭ ᠪᠠ ᠴᠡᠷᠢᠭ ᠵᠠᠰᠠᠭ ᠨᠢᠭᠡᠳᠦᠭᠰᠡᠨ ᠵᠠᠰᠠᠭ ᠣᠨ ᠪᠠᠶᠢᠭᠤᠯᠤᠮᠵᠢ ᠲᠠᠢ ᠪᠣᠯᠵᠠᠶ ᠃

    1636 ᠣᠨ ᠡᠴᠠ 1936 ᠣᠨ ᠪᠣᠯᠲᠠᠯ᠎ᠠ ᠨᠠᠢᠮᠠᠨ ᠠᠷᠪᠠᠨ ᠬᠣᠶᠠᠳᠤᠭᠠᠷ ᠳᠦᠷᠢ ᠶ᠋ᠢᠨ ᠠᠷᠪᠠᠨ ᠵᠢᠷᠭᠤᠳᠤᠭᠠᠷ ᠬᠠᠭᠠᠨ ‍ᠢ ᠥᠩᠭᠡᠷᠡᠭᠦᠯᠵᠦ ᠂ ᠨᠠᠢᠮᠠᠨ ᠭᠡᠷ ‍ᠢ 300 ᠵᠢᠯ ᠨᠣᠶᠠᠷᠬᠠᠭᠰᠠᠨ ᠪᠥᠭᠡᠳ ᠨᠠᠢᠮᠠᠨ ᠸᠠᠩ ‍ᠤᠨ ᠣᠷᠳᠣᠨ ‍ᠢ ᠴᠤ ᠳᠥᠷᠪᠡᠨ ᠵᠦᠭ ᠲᠦ ᠨᠡᠭᠦᠯᠭᠡᠨ ᠲᠠᠪᠤᠨ ᠤᠳᠠᠭ᠎ᠠ ᠪᠠᠶᠢᠭᠤᠯᠵᠠᠶ ᠃ ᠣᠳᠣ ᠶ᠋ᠢᠨ ᠡᠨᠡ ᠬᠦ ᠸᠠᠩ ‍ᠤᠨ ᠣᠷᠳᠣᠨ ‍ᠢ ᠲᠥᠷᠥ ᠭᠡᠷᠡᠯᠲᠦᠨ᠎ᠡ ᠬᠠᠭᠠᠨ ‍ᠤ ᠲᠠᠪᠤᠨᠠᠩ ᠂ ᠨᠠᠢᠮᠠᠨ ᠬᠠᠭᠠᠨ ‍ᠤ ᠠᠷᠪᠠᠨ ᠨᠢᠭᠡᠳᠦᠭᠡᠷ ᠬᠤᠭᠤᠴᠠᠭᠠᠨ ‍ᠤ ᠵᠢᠶᠦ᠋ᠨ ᠸᠠᠩ ᠳᠡᠮᠴᠦᠭᠵᠠᠪ 1863 ᠣᠨ ᠳ᠋ᠤ ᠪᠠᠶᠢᠭᠤᠯᠤᠭᠰᠠᠨ ᠪᠥᠭᠡᠳ ᠨᠠᠢᠮᠠᠨ ᠸᠠᠩ ‍ᠤᠨ ᠣᠷᠳᠣᠨ ‍ᠢ ᠳᠥᠷᠪᠡᠨ ᠵᠦᠭ ᠲᠦ ᠨᠡᠭᠦᠯᠭᠡᠵᠦ ᠲᠠᠪᠤᠨ ᠤᠳᠠᠭ᠎ᠠ ᠪᠠᠶᠢᠭᠤᠯᠤᠭᠰᠠᠨ ᠬᠠᠮᠤᠭ ᠰᠡᠭᠦᠯᠴᠢ ᠶ᠋ᠢᠨ ᠸᠠᠩ ‍ᠤᠨ ᠣᠷᠳᠣᠨ ᠪᠣᠯᠤᠨ᠎ᠠ ᠃ ᠤᠤᠯ ᠳ᠋ᠠᠭᠠᠨ ᠬᠣᠶᠠᠷ ᠲᠦᠮᠡ ᠭᠠᠷᠤᠶ ᠬᠠᠪᠲᠠᠭᠠᠶ ᠳᠥᠷᠪᠡᠯᠵᠢᠨ ᠮᠧᠲ᠋ᠷ ᠲᠠᠯᠠᠪᠠᠢ ᠡᠵᠡᠯᠡᠵᠦ ᠪᠠᠶᠢᠭᠰᠠᠨ ᠪᠥᠭᠡᠳ ᠨᠢᠭᠡ ᠵᠠᠭᠤ ᠶᠡᠷᠡᠨ ᠬᠡᠳᠦᠨ ᠲᠠᠰᠤᠯᠭ᠎ᠠ ᠭᠡᠷ ᠪᠠᠶᠢᠰᠢᠩ ᠲᠠᠶ ᠪᠠᠶᠢᠵᠠᠶ ᠃ ᠸᠠᠩ ‍ᠤᠨ ᠣᠷᠳᠣᠨ ‍ᠤ ᠭᠣᠤᠯ ᠡᠭᠦᠳᠡ ᠂ ᠬᠣᠶᠠᠳᠤᠭᠠᠷ ᠵᠠᠮ ‍ᠤᠨ ᠲᠠᠩᠬᠢᠮ ᠣᠨ ᠡᠭᠦᠳᠡ ᠂ ᠤᠨᠵᠢᠯᠭ᠎ᠠ ᠶ᠋ᠢᠨ ᠡᠭᠦᠳᠡ ᠂ ᠭᠣᠤᠯ ᠬᠦᠷᠢᠶ᠎ᠡ ᠶ᠋ᠢᠨ ᠳᠥᠷᠪᠡᠯᠵᠢᠨ ᠬᠦᠷᠢᠶ᠎ᠡ ᠪᠠ ᠪᠤᠷᠬᠠᠨ ‍ᠤ ᠲᠠᠩᠬᠢᠮ ᠢᠶᠠᠷ ᠪᠦᠷᠢᠯᠳᠦᠵᠡᠶ ᠃ ᠳᠥᠷᠪᠡᠯᠵᠢᠨ ᠬᠦᠷᠢᠶᠡᠨ ‍ᠦ ᠳᠣᠲᠣᠷᠠᠬᠢ ᠭᠣᠤᠯ ᠳᠤᠭᠠᠩ ᠨᠢ ᠲᠠᠪᠤᠨ ᠲᠠᠰᠤᠯᠭ᠎ᠠ ᠨᠢ ᠸᠠᠩ ‍ᠤᠨ ᠡᠵᠡᠨ ‍ᠦ ᠠᠯᠪᠠᠯᠠᠬᠤ ᠭᠠᠵᠠᠷ ᠂ ᠵᠡᠭᠦᠨ ᠬᠠᠷᠰᠢ ᠨᠢ ᠸᠠᠩ ‍ᠤᠨ ᠣᠷᠳᠣᠨ ‍ᠤ ᠲᠤᠰᠠᠯᠠᠭᠴᠢ ᠂ ᠮᠠᠶᠢᠷᠠᠨ ‍ᠦ ᠠᠯᠪᠠᠯᠠᠬᠤ ᠭᠠᠵᠠᠷ ᠂ ᠪᠠᠷᠠᠭᠤᠨ ᠬᠠᠷᠰᠢ ᠨᠢ ᠸᠠᠩ ‍ᠤᠨ ᠨᠣᠶᠠᠨ ᠹᠦᠵᠢᠨ ‍ᠦ ᠣᠷᠣᠨ ᠰᠠᠭᠤᠴᠠ ᠂ ᠪᠤᠷᠬᠠᠨ ‍ᠤ ᠲᠠᠩᠬᠢᠮ ᠨᠢ ᠸᠠᠩ ‍ᠤᠨ ᠣᠷᠳᠣᠨ ᠪᠠ ᠭᠡᠷ ᠪᠦᠯᠢ ᠶ᠋ᠢᠨ ᠬᠢᠨ ‍ᠦ ᠲᠠᠬᠢᠯᠭ᠎ᠠ ᠶ᠋ᠢᠨ ᠭᠠᠵᠠᠷ ᠪᠣᠯᠤᠨ᠎ᠠ ᠃ ᠪᠠᠷᠢᠯᠭ᠎ᠠ ᠳ᠋ᠤᠨᠢ ᠪᠦᠷ ᠬᠥᠬᠡ ᠲᠣᠭᠣᠰᠬᠠᠨ ᠦᠨᠡᠰᠦᠨ ᠸᠠᠭᠠᠷ ᠬᠡᠷᠡᠭᠯᠡᠵᠦ ᠂ ᠪᠢᠲᠡᠭᠦᠮᠵᠢᠲᠦ ᠪᠠᠷᠢᠯᠭ᠎ᠠ ᠂ ᠥᠨᠳᠥᠷ ᠲᠠᠪᠴᠠᠩ ᠣᠨ ᠰᠠᠭᠤᠷᠢ ᠂ ᠣᠯᠠᠨ ᠪᠥᠭᠡᠷᠡᠩᠬᠡᠶ ᠪᠠᠭᠠᠨ᠎ᠠ ᠲᠠᠢ ᠂ ᠡᠮᠦᠨ᠎ᠡ ᠬᠣᠩᠭᠢᠯ ᠠᠷᠤ ᠠᠰᠠᠷ ᠂ ᠬᠡᠭᠡᠨᠴᠢᠷ ᠭᠣᠶᠣᠮᠰᠣᠭ ᠂ ᠨᠢᠭᠡ ᠲᠠᠯ᠎ᠠ ᠶ᠋ᠢᠨ ᠲᠣᠮᠣ ᠬᠦᠷᠢᠶ᠎ᠡ ᠲᠠᠢ ᠂ ᠳᠥᠷᠪᠡᠨ ᠥᠨᠴᠥᠭ ᠲᠦ᠋ᠨᠢ ᠥᠨᠴᠥᠭᠲᠦ ᠠᠰᠠᠷ ᠲᠠᠢ ᠂ ᠴᠢᠩ ᠤᠯᠤᠰ ᠡᠴᠠ ᠦᠶ᠎ᠡ ᠶ᠋ᠢᠨ ᠲᠠᠶᠢᠰᠠᠨ ‍ᠤ ᠬᠣᠩᠭᠢᠯ ᠮᠠᠶᠢᠭ ‍ᠤᠨ ᠪᠠᠷᠢᠯᠭ᠎ᠠ ᠶ᠋ᠢᠨ ᠬᠡᠪ ᠨᠠᠮᠪᠠ ᠲᠠᠶ ᠂ ᠪᠣᠷᠣᠭᠵᠢᠭᠤᠨ ᠂ ᠲᠥᠪ ᠶᠡᠬᠡᠮᠰᠦᠭ ᠂ ᠥᠳᠬᠡᠨ ᠵᠤᠵᠠᠭᠠᠨ ᠮᠣᠩᠭᠣᠯ ᠦᠨᠳᠦᠰᠦᠲᠡᠨ ‍ᠦ ᠣᠨᠴᠠᠯᠢᠭ ᠲᠠᠶ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ