ᠪᠥᠬᠥ ᠬᠣᠰᠢᠭᠤᠨ ‍ᠤ ᠭᠠᠴᠠᠭ᠎ᠠ ᠲᠣᠰᠬᠣᠨ ‍ᠤ ᠬᠠᠮᠲᠤ ᠶ᠋ᠢᠨ ᠠᠵᠤ ᠠᠬᠤᠶ ᠶ᠋ᠢ ᠬᠥᠭᠵᠢᠭᠦᠯᠦᠨ ᠪᠣᠵᠠᠭᠠᠶᠢᠷᠠᠭᠣᠯᠬᠣ ᠠᠵᠢᠯ ᠪᠠᠶᠢᠷᠢ ᠶ᠋ᠢᠨ ᠬᠣᠷᠠᠯ ᠶᠠᠪᠣᠭᠳᠠᠭᠰᠠᠨ

ᠣᠩᠰᠢᠭᠰᠠᠨ ᠤᠳᠠᠭ᠎ᠠ ᠄ 6043     ᠨᠡᠶᠢᠳᠡᠯᠡᠭᠰᠡᠨ ᠴᠠᠭ ᠄ 2019/8/12 10:06:57


        8 ᠳ᠋ᠣᠭᠠᠷ ᠰᠠᠷ᠎ᠠ ᠶ᠋ᠢᠨ 5 ‍ᠦ ᠡᠳᠦᠷ ᠂ ᠪᠥᠬᠥ ᠬᠣᠰᠢᠭᠤᠨ ‍ᠤ ᠭᠠᠴᠠᠭ᠎ᠠ ᠲᠣᠰᠬᠣᠨ ‍ᠤ ᠬᠠᠮᠲᠤ ᠶ᠋ᠢᠨ ᠠᠵᠤ ᠠᠬᠤᠶ ᠶ᠋ᠢ ᠬᠥᠭᠵᠢᠭᠦᠯᠦᠨ ᠪᠤᠵᠠᠭᠠᠶᠢᠷᠠᠭᠤᠯᠬᠤ ᠠᠵᠢᠯ ᠪᠠᠶᠢᠷᠢ ᠶ᠋ᠢᠨ ᠬᠤᠷᠠᠯ ᠶᠠᠪᠣᠭᠳᠠᠵᠣ ᠂ ᠬᠣᠰᠢᠭᠤᠨ ᠤ ᠤᠳᠤᠷᠢᠳᠤᠯᠭ᠎ᠠ ᠵᠠᠩ ᠬᠤᠸᠠ ᠂ ᠶᠢᠨ ᠵᠢᠶᠠᠨ ᠱᠧ ᠂ ᠱᠢ ᠮᠢᠩ ᠰᠢᠶᠠᠨ ᠂ ᠪᠣᠣ ᠯᠢᠶᠠᠨ ᠱᠠᠨ ᠂ ᠸᠠᠩ ᠯᠢ ᠴᠢᠶᠠᠩ ᠂ ᠯᠢ ᠸᠠᠨ ᠢᠦ᠋ᠶ ᠵᠢᠴᠢ ᠥᠪᠡᠷᠲᠡᠭᠡᠨ ᠵᠠᠰᠠᠬᠤ ᠣᠷᠣᠨ ᠡᠴᠡ ᠲᠣᠮᠢᠯᠠᠭᠰᠠᠨ ᠬᠣᠰᠢᠭᠤᠨ ‍ᠤ ᠶᠠᠳᠠᠭᠤ ᠡᠴᠠ ᠠᠩᠭᠢᠵᠢᠷᠠᠭᠣᠯᠣᠨ ᠪᠣᠭᠣᠮᠲᠠ ᠰᠢᠪᠲᠤᠯᠬᠤ ᠶᠡᠷᠦᠩᠬᠡᠶ ᠠᠩᠭᠢ ᠶ᠋ᠢᠨ ᠭᠡᠰᠢᠭᠦᠳ ᠬᠤᠷᠠᠯ ᠳ᠋ᠤ ᠣᠷᠣᠯᠴᠠᠭᠰᠠᠨ ᠪᠠᠶᠢᠨ᠎ᠠ ᠃

        ᠬᠤᠷᠠᠯ ‍ᠤᠨ ᠬᠤᠭᠤᠴᠠᠭᠠᠨ ᠳ᠋ᠤ ᠂ ᠬᠤᠷᠠᠯ ᠳ᠋ᠤ ᠣᠷᠣᠯᠴᠠᠭᠰᠠᠳ ᠴᠢᠩ ᠯᠦᠩ ᠱᠠᠨ ᠪᠠᠯᠭᠠᠰᠤ ᠶ᠋ᠢᠨ  ᠬᠤ ᠯᠢ ᠲᠣᠰᠬᠣᠨ ᠂ ᠰᠢᠷᠠᠬᠣᠭᠣᠯᠠᠢ ᠪᠠᠯᠭᠠᠰᠤ ᠶ᠋ᠢᠨ ᠶᠢᠦ ᠠᠢ ᠲᠣᠰᠬᠣᠨ ᠂ ᠲᠦᠴᠸᠩᠽᠢ ᠰᠢᠶᠠᠩ ᠶ᠋ᠢᠨ ᠰᠢᠩ ᠱᠦ ᠶᠣᠸᠠᠨᠽᠢ ᠲᠣᠰᠬᠣᠨ ᠂ ᠢ ᠯᠦᠩ ᠶᠦᠩ ᠪᠠᠯᠭᠠᠰᠤ ᠶ᠋ᠢᠨ ᠳ᠋ᠦᠩ ᠸᠠᠨ ᠽᠢ ᠲᠣᠰᠬᠣᠨ ᠵᠡᠷᠭᠡ 6 ᠭᠠᠴᠠᠭ᠎ᠠ ᠲᠣᠰᠬᠣᠨ ‍ᠤ ᠬᠠᠮᠲᠤ ᠶ᠋ᠢᠨ ᠠᠵᠤ ᠠᠬᠤᠢ ᠶ᠋ᠢᠨ ᠬᠥᠭᠵᠢᠯᠲᠡ ᠶ᠋ᠢᠨ ᠪᠠᠶᠢᠳᠠᠯ ‍ᠢ ᠲᠤᠬᠠᠶ ᠶ᠋ᠢᠨ ᠭᠠᠵᠠᠷ ᠲᠤ ᠲᠣᠭᠣᠷᠢᠨ ᠦᠵᠡᠵᠦ ᠂ ᠬᠡᠰᠡᠭ ᠰᠢᠶᠠᠩ ᠪᠠᠯᠭᠠᠰᠤᠨ ‍ᠤ ᠨᠠᠮ ‍ᠤᠨ ᠬᠣᠷᠢᠶ᠎ᠠ ᠂ ᠭᠠᠴᠠᠭ᠎ᠠ ᠲᠣᠰᠬᠣᠨ ‍ᠤ ᠨᠢᠭᠡᠳᠦᠭᠡᠷ ᠱᠦᠵᠢ ᠪᠣᠯᠤᠨ ᠲᠠᠭᠠᠴᠢᠯᠠᠭᠰᠠᠨ ᠠᠵᠤ ᠠᠬᠤᠢᠯᠠᠯ ᠤᠨ ᠲᠦᠯᠦᠭᠡᠯᠡᠭᠴᠢ ᠰᠠᠨᠠᠯ ᠢᠶᠡᠨ ᠰᠣᠯᠢᠯᠴᠠᠭᠰᠠᠨ ᠪᠠᠶᠢᠨ᠎ᠠ ᠃

       ᠬᠤᠷᠠᠯ ᠡᠴᠠ ᠴᠢᠩᠭᠠᠳᠬᠠᠭᠰᠠᠨ ᠨᠢ ᠂ ᠪᠦᠬᠦ ᠬᠣᠰᠢᠭᠤᠨ ‍ᠤ ᠡᠯ᠎ᠡ ᠱᠠᠲᠤᠨ ‍ᠤ ᠨᠠᠮ ‍ᠤᠨ ᠵᠣᠬᠢᠶᠠᠨ ᠪᠠᠶᠢᠭᠣᠯᠣᠯᠳᠠ ᠪᠣᠯᠤᠨ ᠥᠷᠭᠡᠨ ᠣᠯᠠᠨ ᠨᠠᠮ ‍ᠤᠨ ᠭᠡᠰᠢᠭᠦᠨ ᠺᠠᠳ᠋ᠷ ᠰᠢ ᠶ᠋ᠢᠨ ᠫᠢᠩ ᠶᠡᠷᠦᠩᠬᠡᠶ ᠱᠦᠵᠢ ᠶ᠋ᠢᠨ ᠬᠥᠳᠡᠭᠡ ᠲᠣᠰᠬᠣᠨ ‍ᠤ ᠬᠠᠮᠲᠤ ᠶ᠋ᠢᠨ ᠠᠵᠤ ᠠᠬᠤᠶ ᠶ᠋ᠢ ᠬᠥᠭᠵᠢᠭᠦᠯᠦᠨ ᠪᠤᠵᠠᠭᠠᠶᠢᠷᠠᠭᠤᠯᠬᠤ ᠲᠤᠬᠠᠶ ᠴᠢᠬᠤᠯᠠ ᠵᠢᠭᠠᠪᠤᠷᠢ ᠶ᠋ᠢᠨ ᠵᠣᠷᠢᠭ ᠰᠠᠨᠠᠭ᠎ᠠ ᠶ᠋ᠢ ᠭᠦᠨᠵᠡᠭᠡᠶ ᠰᠤᠷᠤᠯᠴᠠᠨ ᠲᠣᠣᠱᠯᠠᠭᠣᠯᠵᠣ ᠂ ᠥᠪᠡᠷᠲᠡᠭᠡᠨ ᠵᠠᠰᠠᠬᠤ ᠣᠷᠣᠨ ‍ᠤ ᠨᠠᠮ ‍ᠤᠨ ᠬᠣᠷᠢᠶ᠎ᠠ ᠂ ᠬᠣᠲᠠ ᠶ᠋ᠢᠨ ᠨᠠᠮ ‍ᠤᠨ ᠬᠣᠷᠢᠶᠠᠨ ‍ᠤ ᠡᠯ᠎ᠡ ᠵᠦᠢᠯ ‍ᠦᠨ ᠳᠣᠬᠢᠷᠠᠭᠣᠯᠣᠯᠳᠠ ᠱᠠᠭᠠᠷᠳᠠᠯᠭ᠎ᠠ ᠶ᠋ᠢ ᠨᠠᠷᠢᠨ ᠬᠢᠨᠠᠮᠠᠭᠠᠶ ᠲᠤᠤᠱᠯᠠᠭᠤᠯᠤᠨ ᠨᠠᠶᠢᠳᠠᠪᠣᠷᠢᠵᠢᠭᠣᠯᠵᠣ ᠂ ᠤᠯᠤᠰ ᠲᠥᠷᠦ ᠶ᠋ᠢᠨ ᠲᠠᠨᠢᠯᠲᠠ ᠪᠠᠨ ᠴᠢᠨᠠᠭᠰᠢᠳᠠ ᠲᠠᠭᠡᠭᠰᠢᠯᠡᠭᠦᠯᠦᠨᠨ ᠂ ᠦᠵᠡᠯ ᠰᠠᠨᠠᠭ᠎ᠠ ᠲᠠᠨᠢᠯᠲᠠ ᠪᠠᠨ ᠨᠢᠭᠡᠳᠬᠡᠵᠦ ᠂ ᠪᠣᠳᠠᠲᠠᠶ ᠠᠷᠭ᠎ᠠ ᠬᠡᠮᠵᠢᠶ᠎ᠡ ᠠᠪᠬᠤ ᠬᠡᠷᠡᠭᠲᠡᠶ ᠃ ᠬᠥᠭᠵᠢᠯᠲᠡ ᠶ᠋ᠢᠨ ᠬᠡᠯᠪᠡᠷᠢ ᠂ ᠠᠵᠢᠯᠯᠠᠭᠠᠨ ‍ᠤ ᠲᠣᠭᠲᠠᠴᠠ ᠪᠣᠯᠤᠨ ᠬᠠᠮᠢᠶᠠᠷᠤᠯᠲᠠ ᠶ᠋ᠢᠨ ᠪᠠᠶᠢᠭᠤᠯᠤᠯ ‍ᠤᠨ ᠰᠢᠨ᠎ᠡ ᠶ᠋ᠢ ᠡᠭᠦᠳᠴᠦ ᠂ ᠭᠠᠴᠠᠭ᠎ᠠ ᠲᠣᠰᠬᠣᠨ ‍ᠤ ᠬᠠᠮᠲᠤ ᠶ᠋ᠢᠨ ᠠᠵᠤ ᠠᠬᠤᠢ ᠶ᠋ᠢᠨ ᠬᠥᠭᠵᠢᠯᠲᠡ ᠶ᠋ᠢ ᠲᠡᠭᠡᠳᠣ ᠬᠡᠮᠵᠢᠶᠡᠨ ‍ᠦ ᠤᠯᠤᠰ ᠲᠥᠷᠥ ᠶ᠋ᠢᠨ ᠤᠬᠠᠮᠰᠠᠷ ᠢᠶᠠᠷ ᠲᠦᠯᠬᠢᠨ ᠠᠬᠢᠭᠤᠯᠵᠤ ᠂ ᠦᠨᠳᠦᠰᠦᠨ ᠱᠠᠲᠤᠨ ‍ᠤ ᠨᠠᠮ ‍ᠤᠨ ᠵᠣᠬᠢᠶᠠᠨ ᠪᠠᠶᠢᠭᠤᠯᠤᠯᠲᠠ ᠶ᠋ᠢᠨ ᠪᠦᠲᠦᠭᠡᠯᠴᠢ ᠬᠦᠴᠦᠨ ᠂ ᠨᠢᠭᠲᠠᠷᠠᠯ ‍ᠤᠨ ᠬᠦᠴᠦᠨ ᠪᠣᠯᠤᠨ ᠳᠠᠶᠢᠴᠢᠨ ᠬᠦᠴᠦᠨ ‍ᠢ ᠲᠠᠰᠤᠷᠠᠯᠲᠠ ᠦᠭᠡᠢ ᠴᠢᠩᠭᠠᠷᠠᠭᠤᠯᠤᠨ ᠂ ᠭᠠᠴᠠᠭ᠎ᠠ ᠲᠣᠰᠬᠣᠨ ‍ᠤ ᠬᠠᠮᠲᠤ ᠶ᠋ᠢᠨ ᠠᠵᠤ ᠠᠬᠤᠢ ᠶ᠋ᠢᠨ 《 ᠪᠠᠷᠢᠮᠵᠢᠶ᠎ᠠ ᠳ᠋ᠤ ᠬᠦᠷᠦᠭᠦᠯᠬᠦ 》 ᠬᠠᠷᠠᠯᠲᠠ ᠶ᠋ᠢ ᠣᠯᠠᠨ ᠳᠡᠰ ᠳᠠᠪᠬᠤᠷᠭ᠎ᠠ ᠂ ᠣᠯᠠᠨ ᠠᠷᠭ᠎ᠠ ᠵᠠᠮ ᠂ ᠣᠯᠠᠨ ᠬᠡᠯᠪᠡᠷᠢ ᠮᠠᠶᠢᠭ ᠢᠶᠠᠷ ᠲᠦᠯᠬᠢᠨ ᠠᠬᠢᠭᠤᠯᠬᠤ ᠬᠡᠷᠡᠭᠲᠡᠶ ᠭᠡᠰᠡᠨ ᠪᠠᠶᠢᠨ᠎ᠠ ᠃

      ᠬᠤᠷᠠᠯ ᠡᠴᠠ ᠴᠢᠩᠭᠠᠳᠬᠠᠭᠰᠠᠨ ᠨᠢ ᠂ ᠡᠯ᠎ᠡ ᠵᠦᠶ᠋ᠯ ‍ᠦᠨ ᠳᠡᠮᠵᠢᠯᠭᠡ ᠶ᠋ᠢᠨ ᠲᠥᠷᠦ ᠶ᠋ᠢᠨ ᠪᠣᠳᠣᠯᠭ᠎ᠠ ᠶ᠋ᠢ ᠭᠦᠶ᠋ᠴᠡᠳ ᠪᠥᠭᠡᠳ ᠠᠮᠢᠳᠤᠯᠢᠭ ᠬᠡᠷᠡᠭᠯᠡᠵᠦ ᠂ ᠭᠠᠵᠠᠷ ᠰᠢᠷᠣᠶ ᠶ᠋ᠢᠨ ᠡᠷᠬᠡ ᠶ᠋ᠢ ᠨᠤᠲᠠᠯᠠᠨ ᠦᠨᠡᠮᠯᠡᠯ ᠣᠯᠭᠣᠭᠰᠠᠨ ᠦᠷ᠎ᠡ ᠪᠦᠲᠦᠭᠡᠯ ‍ᠢ ᠴᠢᠨᠠᠭᠰᠢᠳᠠ ᠪᠡᠬᠢᠵᠢᠭᠦᠯᠵᠦ ᠂ ᠭᠠᠵᠠᠷ ᠰᠢᠷᠣᠶ ᠶ᠋ᠢᠨ 《 ᠭᠤᠷᠪᠠᠨ ᠡᠷᠬᠡ ᠶ᠋ᠢ ᠰᠠᠯᠭᠠᠬᠤ 》 ᠥᠭᠡᠷᠡᠴᠢᠯᠡᠯᠲᠡ ᠶ᠋ᠢ ᠭᠦᠨᠵᠡᠭᠡᠶᠢᠷᠡᠭᠦᠯᠦᠨ ᠂ 《 ᠭᠣᠷᠪᠠ ᠵᠢ ᠬᠤᠪᠢᠷᠠᠭᠤᠯᠬᠤ ᠥᠭᠡᠷᠡᠴᠢᠯᠡᠯᠲᠡ 》 ᠶ᠋ᠢ ᠭᠦᠨᠵᠡᠭᠡᠶ ᠠᠬᠢᠭᠤᠯᠵᠤ ᠂ ᠬᠥᠳᠡᠭᠡ ᠲᠣᠰᠬᠣᠨ ‍ᠤ ᠬᠠᠮᠲᠤ ᠶ᠋ᠢᠨ ᠡᠬᠢ ᠪᠠᠶᠠᠯᠢᠭ ᠡᠳ᠋ ᠬᠥᠷᠥᠩᠭᠡ ᠶ᠋ᠢ ᠭᠦᠶ᠋ᠴᠡᠳ ᠠᠮᠢᠳᠤᠯᠢᠭ ᠪᠣᠯᠭᠠᠬᠤ ᠬᠡᠷᠡᠭᠲᠡᠶ ᠃ ᠭᠠᠴᠠᠭ᠎ᠠ ᠲᠣᠰᠬᠣᠨ ‍ᠤ ᠬᠠᠮᠲᠤ ᠶ᠋ᠢᠨ ᠠᠵᠤ ᠠᠬᠤᠶ ᠪᠣᠯᠤᠨ ᠠᠵᠤ ᠦᠢᠯᠡᠰ ‍ᠦᠨ ᠬᠥᠭᠵᠢᠯ ᠮᠠᠨᠳᠤᠯ ‍ᠢ ᠬᠠᠷᠢᠯᠴᠠᠨ ᠤᠶᠠᠯᠳᠤᠭᠤᠯᠵᠤ ᠂ ᠰᠡᠳᠬᠢᠬᠦᠶ ᠶ᠋ᠢᠨ ᠠᠷᠭ᠎ᠠ ᠬᠡᠯᠪᠡᠷᠢ ᠪᠣᠯᠤᠨ ᠠᠵᠢᠯᠯᠠᠬᠤ ᠠᠷᠭ᠎ᠠ ᠵᠢ ᠳᠠᠰᠣᠷᠠᠯᠳᠠ ᠦᠬᠡᠢ ᠰᠢᠨᠡᠳᠬᠡᠵᠦ ᠂ ᠲᠤᠬᠠᠶ ᠶ᠋ᠢᠨ ᠭᠠᠵᠠᠷ ᠣᠷᠣᠨ ‍ᠤ ᠪᠠᠶᠢᠳᠠᠯ ᠳ᠋ᠠᠭᠠᠨ ᠲᠤᠬᠢᠷᠠᠭᠤᠯᠤᠨ ᠠᠵᠤ ᠦᠶ᠋ᠯᠡᠰ ᠰᠣᠩᠭᠣᠵᠤ ᠂ ᠪᠣᠳᠠᠲᠤ ᠴᠣᠭᠴᠠ ᠶ᠋ᠢᠨ ᠠᠵᠤ ᠠᠬᠤᠶ ᠳ᠋ᠤ ᠬᠤᠪᠢ ᠣᠷᠣᠭᠤᠯᠬᠤ ᠂ ᠣᠨᠴᠠᠯᠢᠭᠲᠤ ᠠᠵᠤ ᠦᠢᠯᠡᠰ ᠡᠷᠬᠢᠯᠡᠬᠦ ᠂ ᠬᠥᠳᠡᠭᠡ ᠲᠣᠰᠬᠣᠨ ‍ᠤ ᠡᠯᠧᠺᠲ᠋ᠷᠣᠨ ᠬᠤᠳᠠᠯᠳᠤᠭ᠎ᠠ ᠶ᠋ᠢ ᠬᠥᠭᠵᠢᠭᠦᠯᠬᠦ ᠵᠡᠷᠭᠡ ᠣᠯᠠᠨ ᠵᠦᠢᠯ ‍ᠦᠨ ᠬᠡᠯᠪᠡᠷᠢ ᠵᠢ ᠢᠳᠡᠪᠬᠢᠲᠡᠢ ᠰᠦᠪᠡᠭᠴᠢᠯᠡᠨ ᠬᠡᠷᠡᠭᠵᠢᠭᠦᠯᠬᠦ ᠬᠡᠷᠡᠭᠲᠡᠶ ᠃ ᠬᠠᠮᠲᠤ ᠶ᠋ᠢᠨ ᠰᠤᠯᠠ ᠪᠠᠶᠢᠭ᠎ᠠ ᠭᠠᠵᠠᠷ ᠰᠢᠷᠣᠶ ᠂ ᠨᠤᠲᠤᠭ ᠪᠡᠯᠴᠢᠭᠡᠷ ‍ᠦᠨ ᠳᠠᠭᠠᠭᠠᠴᠢᠯᠠᠯᠲᠠ ᠂ ᠤᠰᠤᠨ ᠰᠤᠷᠪᠤᠯᠵᠢ ᠶ᠋ᠢᠨ ᠪᠦᠲᠦᠭᠡᠨ ᠪᠠᠶᠢᠭᠣᠯᠣᠯᠳᠠ ᠂ ᠴᠢᠳᠠᠪᠤᠷᠢᠲᠠᠨ ᠂ ᠠᠵᠤ ᠠᠬᠣᠶᠢᠯᠠᠯ ᠂ ᠨᠡᠶᠢᠭᠡᠮ ᠵᠡᠷᠭᠡ ᠡᠯ᠎ᠡ ᠲᠥᠷᠥᠯ ‍ᠦᠨ ᠡᠬᠢ ᠪᠠᠶᠠᠯᠢᠭ ‍ᠢ ᠨᠢᠭᠡᠳᠦᠯᠲᠡᠶ ᠲᠥᠯᠥᠪᠵᠢᠭᠦᠯᠵᠦ ᠂ ᠪᠦᠬᠦ ᠲᠠᠯ᠎ᠠ ᠪᠠᠷ ᠰᠠᠭᠤᠷᠢ ᠲᠣᠭ᠎ᠠ ᠶ᠋ᠢ ᠲᠣᠭᠳᠠᠭᠠᠨ ᠂ ᠬᠥᠭᠵᠢᠯᠲᠡ ᠶ᠋ᠢᠨ ᠰᠡᠳᠬᠢᠮᠵᠢ ᠶ᠋ᠢ ᠲᠣᠳᠣᠷᠬᠠᠶᠢᠯᠠᠵᠤ ᠂ ᠬᠦᠴᠦᠷᠬᠡᠭ ᠶᠡᠬᠡ ᠬᠠᠮᠲᠤᠷᠠᠯ ‍ᠤᠨ ᠬᠦᠴᠦᠨ ‍ᠢ ᠪᠦᠷᠢᠯᠳᠦᠭᠦᠯᠦᠨ ᠂ ᠬᠠᠮᠲᠤ ᠶ᠋ᠢᠨ ᠠᠵᠤ ᠠᠬᠤᠢ ᠶ᠋ᠢᠨ ᠬᠥᠭᠵᠢᠯᠲᠡ ᠵᠢ ᠪᠠᠶᠢᠭᠤᠯᠬᠤ ᠬᠡᠷᠡᠭᠲᠡᠶ ᠃ ᠡᠯ᠎ᠡ ᠲᠥᠷᠥᠯ ‍ᠦᠨ ᠲᠤᠰᠬᠠᠶ ᠬᠣᠷᠰᠢᠶᠠᠵᠢᠯ ‍ᠢ ᠰᠠᠶᠢᠲᠤᠷ ᠡᠷᠬᠢᠯᠡᠵᠦ ᠂ ᠮᠥᠩᠭᠥᠨ ᠭᠦᠢᠯᠭᠡᠭᠡᠨ ‍ᠦ ᠢᠲᠡᠭᠡᠮᠵᠢᠲᠦ ᠵᠢᠭᠡᠯᠡᠯᠭᠡ ᠶ᠋ᠢᠨ ᠪᠡᠯᠡ ᠮᠥᠩᠭᠥ ᠶ᠋ᠢ ᠰᠠᠶᠢᠲᠤᠷ ᠬᠡᠷᠡᠭᠯᠡᠨ ᠂ ᠲᠥᠷᠦ ᠶ᠋ᠢᠨ ᠪᠣᠳᠣᠯᠭ᠎ᠠ ᠶ᠋ᠢᠨ ᠴᠢᠨᠠᠷᠲᠠᠶ ᠳᠠᠭᠠᠯᠲᠠ ᠦᠶ᠋ᠯᠡᠳᠦᠯ ‍ᠢ ᠪᠠᠳᠠᠷᠠᠭᠤᠯᠵᠤ ᠂ ᠬᠠᠮᠲᠤ ᠶ᠋ᠢᠨ ᠠᠵᠤ ᠠᠬᠤᠶ ᠶ᠋ᠢ ᠬᠥᠭᠵᠢᠭᠦᠯᠦᠨ ᠪᠤᠵᠠᠭᠠᠶᠢᠷᠠᠭᠤᠯᠬᠤ ᠬᠡᠷᠡᠭᠲᠡᠶ ᠃ ᠬᠥᠳᠡᠭᠡ ᠲᠣᠰᠬᠣᠨ ‍ᠢ ᠬᠦᠴᠦᠷᠬᠡᠭᠵᠢᠭᠦᠯᠦᠨ ᠪᠠᠭᠤᠷᠠᠶ ᠲᠣᠰᠬᠣᠨ ‍ᠢ ᠳᠠᠶᠢᠴᠢᠯᠠᠬᠤ ᠂ ᠲᠣᠰᠬᠣᠨ ᠪᠠ ᠠᠵᠤ ᠠᠬᠣᠶᠢᠯᠠᠯ ᠬᠣᠯᠪᠣᠭᠠᠯᠠᠨ ᠬᠠᠮᠲᠤᠪᠠᠷ ᠪᠠᠶᠢᠭᠤᠯᠬᠤ ᠂ ᠭᠠᠴᠠᠭ᠎ᠠ ᠲᠣᠰᠬᠣᠨ ᠬᠣᠯᠪᠣᠭᠠᠯᠠᠬᠤ ᠵᠡᠷᠭᠡ ᠣᠯᠠᠨ ᠵᠦᠢᠯ ‍ᠦᠨ ᠬᠡᠯᠪᠡᠷᠢ ᠶ᠋ᠢ ᠰᠦᠪᠡᠭᠴᠢᠯᠡᠵᠦ ᠂ ᠭᠠᠵᠠᠷ ᠣᠷᠣᠨ ᠪᠠ ᠭᠠᠴᠠᠭ᠎ᠠ ᠲᠣᠰᠬᠣᠨ ‍ᠤ ᠪᠠᠶᠢᠭᠠᠯᠢ ᠶ᠋ᠢᠨ ᠡᠬᠢ ᠪᠠᠶᠠᠯᠢᠭ ᠂ ᠠᠵᠤ ᠦᠢᠯᠡᠰ ‍ᠦᠨ ᠡᠬᠢ ᠪᠠᠶᠠᠯᠢᠭ ᠂ ᠬᠥᠮᠦᠨ ‍ᠦ ᠬᠦᠴᠦᠨ ‍ᠦ ᠡᠬᠢ ᠪᠠᠶᠠᠯᠢᠭ ᠂ ᠨᠡᠶᠢᠭᠡᠮ ‍ᠦᠨ ᠡᠬᠢ ᠪᠠᠶᠠᠯᠢᠭ ᠪᠣᠯᠤᠨ ᠲᠡᠳᠬᠦᠬᠦ ᠪᠡᠯᠡ ᠮᠥᠩᠭᠥ ᠶ᠋ᠢᠨ ᠲᠥᠷᠥᠯ ᠵᠦᠢᠯ ᠵᠡᠷᠭᠡ ᠶ᠋ᠢ ᠪᠦᠲᠦᠮᠵᠢᠲᠡᠶ ᠨᠢᠭᠡᠳᠭᠡᠵᠣ ᠂ ᠬᠠᠮᠲᠤ ᠶ᠋ᠢᠨ ᠠᠵᠤ ᠠᠬᠤᠶ ᠶ᠋ᠢ ᠬᠥᠭᠵᠢᠭᠦᠯᠦᠨ ᠪᠤᠵᠠᠭᠠᠶᠢᠷᠠᠭᠤᠯᠬᠤ ᠬᠡᠷᠡᠭᠲᠡᠶ ᠃ ᠭᠠᠴᠠᠭ᠎ᠠ ᠲᠣᠰᠬᠣᠨ ‍ᠤ ᠬᠠᠮᠲᠤ ᠶ᠋ᠢᠨ ᠠᠵᠤ ᠠᠬᠤᠶ ᠶ᠋ᠢ ᠬᠥᠭᠵᠢᠭᠦᠯᠦᠨ ᠪᠤᠵᠠᠭᠠᠶᠢᠷᠠᠭᠤᠯᠬᠤ ᠠᠵᠢᠯ ‍ᠤᠨ ᠬᠠᠷᠢᠭᠤᠴᠠᠯᠭ᠎ᠠ ᠶ᠋ᠢ ᠴᠢᠩᠭ᠎ᠠ ᠪᠣᠳᠠᠲᠠᠶᠢᠵᠢᠭᠤᠯᠵᠤ ᠂ ᠵᠣᠬᠢᠶᠠᠨ ᠪᠠᠶᠢᠭᠤᠯᠤᠯᠲᠠ ᠶ᠋ᠢᠨ ᠤᠳᠤᠷᠢᠳᠤᠯᠭ᠎ᠠ ᠪᠠᠨ ᠤᠯᠠᠮ ᠨᠢᠭᠡ ᠠᠯᠬᠤᠮ ᠴᠢᠩᠭᠠᠳᠬᠠᠨ ᠂ ᠬᠠᠮᠲᠤ ᠶ᠋ᠢᠨ ᠠᠵᠤ ᠠᠬᠤᠢ ᠶ᠋ᠢᠨ ᠠᠮᠵᠢᠯᠲᠠ ᠪᠦᠲᠦᠮᠵᠢ ᠶ᠋ᠢ ᠬᠢᠨᠠᠨ ᠰᠢᠯᠭᠠᠬᠤ ᠳᠦᠷᠢᠮ ‍ᠢ ᠪᠠᠶᠢᠭᠣᠯᠬᠣ ᠬᠡᠷᠡᠭᠲᠡᠢ ᠃ ᠭᠠᠴᠠᠭ᠎ᠠ ᠲᠣᠰᠬᠣᠨ ‍ᠤ ᠬᠠᠮᠲᠤ ᠶ᠋ᠢᠨ ᠠᠵᠤ ᠠᠬᠤᠢ ᠶ᠋ᠢᠨ ᠬᠥᠭᠵᠢᠯᠲᠡ ᠶ᠋ᠢᠨ ᠪᠠᠶᠢᠳᠠᠯ ‍ᠢ ᠰᠤᠮᠤ ᠰᠢᠶᠠᠩ ᠪᠠᠯᠭᠠᠰᠤ ᠶ᠋ᠢᠨ ᠬᠢᠨᠠᠨ ᠰᠢᠯᠭᠠᠵᠤ ᠦᠨᠡᠯᠡᠬᠦ ᠴᠢᠬᠤᠯᠠ ᠭᠦᠢᠴᠡᠳᠭᠡᠯ ᠲᠣᠭ᠎ᠠ ᠪᠣᠯᠭᠠᠵᠤ ᠂ 《 ᠬᠣᠶᠠᠷ ᠵᠥᠪᠯᠡᠯ 》 ‍ᠤᠨ ᠤᠳᠤᠷᠢᠳᠬᠤ ᠪᠠᠭ ᠵᠢᠴᠢ ᠲᠡᠭᠦᠨ ‍ᠦ ᠪᠦᠷᠢᠯᠳᠦᠬᠦᠨ ᠤ ᠱᠠᠩᠨᠠᠵᠤ ᠲᠣᠷᠭᠠᠬᠤ ᠲᠠᠶ ᠬᠣᠯᠪᠣᠭᠳᠠᠭᠤᠯᠵᠤ ᠂ ᠬᠠᠷᠢᠭᠤᠴᠠᠯᠭ᠎ᠠ ᠡᠭᠦᠷᠭᠡᠯᠡᠨ ᠵᠢᠳᠬᠦᠯ ᠴᠢᠷᠮᠠᠶᠢᠯᠭ᠎ᠠ ᠭᠠᠷᠭᠠᠬᠤ ᠶ᠋ᠢ ᠵᠣᠷᠢᠭᠵᠢᠭᠤᠯᠤᠨ ᠂ ᠳᠣᠲᠣᠭᠠᠳᠤ ᠬᠥᠳᠡᠯᠭᠡᠬᠦ ᠬᠦᠴᠦᠨ ‍ᠢ ᠬᠥᠭᠵᠢᠭᠡᠵᠦ ᠂ ᠬᠥᠭᠵᠢᠯᠲᠡ ᠶ᠋ᠢᠨ ᠠᠮᠢᠵᠢᠷᠠᠯ ‍ᠤᠨ ᠬᠦᠴᠦᠨ ‍ᠢ ᠨᠡᠮᠡᠭᠳᠡᠭᠦᠯᠦᠨ ᠂ ᠭᠠᠴᠠᠭ᠎ᠠ ᠲᠣᠰᠬᠣᠨ ‍ᠤ ᠬᠠᠮᠲᠤ ᠶ᠋ᠢᠨ ᠠᠵᠤ ᠠᠬᠤᠢ ᠶ᠋ᠢᠨ ᠡᠯ᠎ᠡ ᠵᠦᠶ᠋ᠯ ‍ᠦᠨ ᠬᠠᠷᠠᠯᠲᠠᠲᠤ ᠡᠭᠦᠷᠭᠡ ᠶ᠋ᠢ ᠨᠠᠷᠢᠯᠢᠭᠵᠢᠭᠤᠯᠤᠨ ᠨᠠᠶᠢᠳᠠᠪᠤᠷᠢᠵᠢᠭᠤᠯᠬᠤ ᠶ᠋ᠢ ᠠᠬᠢᠭᠤᠯᠬᠤ ᠳ᠋ᠤ ᠪᠠᠲᠤ ᠰᠠᠭᠤᠷᠢ ᠶ᠋ᠢ ᠲᠠᠯᠪᠢᠬᠤ ᠬᠡᠷᠡᠭᠲᠡᠶ ᠭᠡᠰᠡᠨ ᠪᠠᠶᠢᠨ᠎ᠠ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ