ᠪᠣᠣ ᠰᠠᠶᠢᠨᠴᠡᠩᠬᠡᠯ

ᠣᠩᠰᠢᠭᠰᠠᠨ ᠤᠳᠠᠭ᠎ᠠ ᠄ 20123     ᠨᠡᠶᠢᠳᠡᠯᠡᠭᠰᠡᠨ ᠴᠠᠭ ᠄ 2019/8/12 8:56:17


ᠪᠣᠣ ᠰᠠᠶᠢᠨᠴᠡᠩᠬᠡᠯ ᠄ 1946 ᠣᠨ 10 ᠰᠠᠷ᠎ᠠ ᠶ᠋ᠢᠨ 16 ‍ᠦ ᠡᠳᠦᠷ ᠂ ᠨᠠᠢᠮᠠᠨ ᠬᠣᠰᠢᠭᠤᠨ ‍ᠤ ᠬᠣᠩᠬᠣᠷᠲᠠᠯ᠎ᠠ ᠰᠣᠮᠣ ᠶ᠋ᠢᠨ ᠢᠯᠠᠮᠳᠣ ᠭᠠᠴᠠᠭ᠎ᠠ ᠪᠡᠷ ᠨᠣᠳᠣᠭᠳᠠᠢ ᠃ 1972 ᠣᠨ ᠡᠴᠠ 1979 ᠣᠨ ᠪᠣᠯᠲᠠᠯ᠎ᠠ ᠨᠠᠢᠮᠠᠨ ᠪᠠᠭᠰᠢ ᠶ᠋ᠢᠨ ᠰᠤᠷᠭᠠᠭᠤᠯᠢ ᠂ ᠬᠣᠶᠠᠳᠤᠭᠠᠷ ᠳᠤᠮᠳᠠᠳᠤ ᠰᠤᠷᠭᠠᠭᠤᠯᠢ ᠂ ᠨᠢᠭᠡᠳᠦᠭᠡᠷ ᠳᠤᠮᠳᠠᠳᠤ ᠰᠤᠷᠭᠠᠭᠤᠯᠢ ᠂ ᠪᠡᠶ᠎ᠡ ᠶ᠋ᠢᠨ ᠲᠠᠮᠢᠷ ‍ᠤᠨ ᠬᠠᠮᠢᠶᠠᠷᠤᠯᠲᠠ ᠶ᠋ᠢᠨ ᠵᠥᠪᠯᠡᠯ ᠳ᠋ᠦ ᠠᠵᠢᠯᠯᠠᠪᠠ ᠃ 1979 ᠣᠨ ᠡᠴᠠ 1987 ᠣᠨ ᠪᠣᠯᠲᠠᠯ᠎ᠠ ᠨᠠᠢᠮᠠᠨ ᠮᠣᠩᠭᠣᠯ ᠳᠤᠮᠳᠠᠳᠤ ᠰᠤᠷᠭᠠᠭᠤᠯᠢ ᠶ᠋ᠢᠨ ᠵᠠᠬᠢᠷᠤᠯ ᠂ ᠨᠠᠢᠮᠠᠨ ᠬᠣᠰᠢᠭᠤᠨ ‍ᠤ ᠨᠠᠮ ‍ᠤᠨ ᠬᠣᠷᠢᠶᠠᠨ ‍ᠤ ᠠᠯᠪᠠᠨ ᠭᠡᠷ ‍ᠦᠨ ᠡᠷᠬᠢᠯᠡᠭᠴᠢ ᠶ᠋ᠢᠨ ᠲᠤᠰᠢᠶᠠᠯ ‍ᠢ ᠬᠠᠷᠢᠭᠣᠴᠠᠵᠣ ᠂ 1987 ᠣᠨ ᠡᠴᠠ 1994 ᠣᠨ ᠪᠣᠯᠲᠠᠯ᠎ᠠ ᠲᠦᠩᠯᠢᠶᠣᠤ ᠶ᠋ᠢᠨ ᠮᠣᠩᠭᠣᠯ ᠳᠤᠮᠳᠠᠳᠤ ᠰᠤᠷᠭᠠᠭᠤᠯᠢ ᠶ᠋ᠢᠨ ᠵᠠᠬᠢᠷᠤᠯ ᠤᠨ ᠲᠤᠰᠢᠶᠠᠯ ‍ᠢ ᠬᠠᠷᠢᠭᠤᠴᠠᠪᠠ ᠃ 1994 ᠣᠨ ᠡᠴᠠ 2004 ᠣᠨ ᠪᠣᠯᠲᠠᠯ᠎ᠠ ᠲᠦᠩᠯᠢᠶᠣᠤ ᠶ᠋ᠢᠨ ᠡᠳ᠋ ‍ᠦᠨ ᠵᠠᠰᠠᠭ ᠠᠵᠤ ᠠᠬᠤᠢ ᠶ᠋ᠢᠨ ᠰᠤᠷᠭᠠᠭᠤᠯᠢ ᠶ᠋ᠢᠨ ᠵᠠᠬᠢᠷᠤᠯ ᠣᠨ ᠲᠤᠰᠢᠶᠠᠯ ‍ᠢ ᠡᠭᠦᠷᠭᠡᠯᠡᠵᠣ ᠂ 2006 ᠣᠨ ᠳ᠋ᠤ ᠲᠦᠩᠯᠢᠶᠣᠤ ᠶ᠋ᠢᠨ ᠲᠠᠪᠤᠳᠤᠭᠠᠷ ᠳᠤᠮᠳᠠᠳᠤ ᠰᠤᠷᠭᠠᠭᠤᠯᠢ ᠡᠴᠡ ᠠᠵᠢᠯ ᠡᠴᠠ ᠪᠠᠨ ᠠᠮᠠᠷᠠᠪᠠ ᠃ ᠠᠵᠢᠯᠯᠠᠵᠤ ᠪᠠᠶᠢᠭ᠎ᠠ ᠬᠤᠭᠤᠴᠠᠭᠠᠨ ᠳ᠋ᠠᠭᠠᠨ ᠳᠤᠮᠳᠠᠳᠤ ᠰᠤᠷᠭᠠᠭᠤᠯᠢ ᠶ᠋ᠢᠨ ᠲᠡᠭᠡᠳᠣ ᠵᠡᠷᠭᠡ ᠶ᠋ᠢᠨ ᠪᠠᠭᠰᠢ ᠂ ᠳᠤᠮᠳᠠᠳᠤ ᠵᠡᠷᠭᠡ ᠶ᠋ᠢᠨ ᠲᠤᠰᠬᠠᠶ ᠮᠡᠷᠭᠡᠵᠢᠯ ‍ᠦᠨ ᠲᠡᠭᠡᠳᠣ ᠵᠡᠷᠭᠡ ᠶ᠋ᠢᠨ ᠯᠧᠺᠲ᠋ᠣᠷ ᠢᠶᠠᠷ ᠦᠨᠡᠯᠡᠭᠳᠡᠭᠰᠡᠨ ᠪᠠᠶᠢᠨ᠎ᠠ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ