ᠪᠦᠭᠳᠡᠷ ᠤᠳᠤ

ᠣᠩᠰᠢᠭᠰᠠᠨ ᠤᠳᠠᠭ᠎ᠠ ᠄ 500     ᠨᠡᠶᠢᠳᠡᠯᠡᠭᠰᠡᠨ ᠴᠠᠭ ᠄ 2019/8/8 8:51:09

      ᠥᠪᠥᠷ ᠮᠣᠩᠭᠣᠯ ‍ᠤᠨ ᠠᠵᠢᠨᠠᠢ ᠪᠦᠭᠳᠡᠷ ᠣᠳᠣ ᠵᠤᠭᠠᠴᠠᠯ ‍ᠤᠨ ᠬᠢᠵᠠᠭᠠᠷᠲᠤ ᠺᠣᠮᠫᠠᠨᠢ 2017 ᠣᠨ 5 ᠰᠠᠷ᠎ᠠ ᠳ᠋ᠤ ᠪᠠᠶᠢᠭᠤᠯᠤᠭᠳᠠᠵᠤ ᠂ ᠪᠦᠭᠳᠡᠷ ᠣᠳᠣ ᠶ᠋ᠢᠨ ᠦᠵᠡᠮᠵᠢ ᠶ᠋ᠢᠨ ᠣᠷᠣᠨ ᠨᠠᠢᠮᠠᠨ ᠬᠣᠰᠢᠭᠤᠨ ‍ᠤ  ᠭᠣᠷᠪᠠᠨᠬᠣᠸᠠ ᠰᠤᠮᠤ ᠶ᠋ᠢᠨ ᠰᠤᠪᠤᠷᠭᠠᠨ ᠲᠠᠯ᠎ᠠ ᠭᠠᠴᠠᠭ᠎ᠠ ᠳ᠋ᠤ ᠪᠠᠶᠢᠷᠢᠯᠠᠵᠤ ᠪᠣᠢ ᠃  ᠪᠦᠬᠦ ᠲᠠᠯᠠᠪᠠᠢ ᠨᠢ 133.3 ᠾᠧᠺᠲ᠋ᠠᠷ ᠪᠠᠶᠢᠵᠤ ᠂ ᠦᠵᠡᠮᠵᠢ ᠶ᠋ᠢᠨ ᠣᠷᠣᠨ ᠳ᠋ᠤ ᠲᠡᠷᠭᠡ ᠵᠣᠭᠰᠣᠬᠤ ᠲᠠᠯᠠᠪᠠᠢ ᠂ ᠠᠭᠤᠳᠠᠮ ᠲᠠᠯᠠᠪᠠᠢ ᠶ᠋ᠢᠨ ᠦᠢᠯᠡᠴᠢᠯᠡᠭᠡᠨ ‍ᠦ ᠲᠣᠭᠣᠷᠢᠭ ᠂ ᠡᠯᠡᠰᠦᠨ ᠨᠠᠭᠤᠷ ᠂ ᠲᠦᠳᠡᠭ ᠭᠠᠯ ‍ᠤᠨ ᠲᠠᠯᠠᠪᠠᠢ ᠂ ᠲᠦᠳᠡᠭ ᠭᠠᠯ ‍ᠤᠨ ᠲᠠᠯᠠᠪᠠᠢ ᠶ᠋ᠢᠨ ᠦᠢᠯᠡᠴᠢᠯᠡᠭᠡᠨ ‍ᠦ ᠲᠣᠭᠣᠷᠢᠭ ᠵᠡᠷᠭᠡ ᠲᠥᠬᠥᠭᠡᠷᠦᠮᠵᠢ ᠲᠡᠶ ᠃ ᠲᠥᠷᠥᠯ ᠵᠦᠢᠯ ‍ᠦᠨ ᠭᠠᠵᠠᠷ ᠵᠦᠶ ᠶ᠋ᠢᠨ ᠪᠠᠶᠢᠷᠢᠰᠢᠯ ᠲᠠᠪᠠᠭᠣᠯᠢᠭ ᠂ ᠵᠠᠮ ᠬᠠᠷᠢᠯᠴᠠᠭ᠎ᠠ ᠳᠥᠭᠥᠮ ᠲᠦᠳᠡ ᠃

    《 ᠪᠦᠭᠳᠡᠷ ᠣᠳᠣ 》 ᠪᠣᠯ ᠬᠣᠷᠴᠢᠨ ‍ᠤ ᠡᠯᠡᠰᠦᠷᠬᠡᠭ ᠭᠠᠵᠠᠷ ᠲᠤ ᠣᠨᠴᠠ ᠪᠠᠶᠢᠳᠠᠭ ᠦᠵᠡᠮᠵᠢ ᠂ ᠮᠥᠨ ᠴᠦ ᠨᠠᠢᠮᠠᠨ ‍ᠦ ᠨᠢᠭᠡᠨ ᠶᠡᠬᠡ ᠭᠠᠶᠢᠬᠠᠮᠰᠢᠭᠲᠤ ᠦᠵᠡᠮᠵᠢ ᠪᠣᠯᠤᠨ᠎ᠠ ᠃ ᠦᠵᠡᠮᠵᠢ ᠶ᠋ᠢᠨ ᠣᠷᠣᠨ ‍ᠤ ᠳᠣᠲᠣᠷᠠᠬᠢ ᠨᠣᠮᠢᠨ ᠨᠣᠭᠣᠭᠠᠨ ᠡᠪᠡᠰᠦᠲᠦ ᠲᠠᠯ᠎ᠠ ᠂ ᠭᠣᠴᠣ ᠰᠠᠢᠬᠠᠨ ᠤᠳᠠ ᠤᠯᠢᠶᠠᠰᠤ ᠂ ᠰᠦᠷᠦᠭ ᠦᠬᠡᠷ ᠬᠣᠨᠢᠳ ᠨᠢ ᠭᠣᠢᠳᠠ ᠰᠠᠢᠬᠠᠨ ᠲᠠᠯ᠎ᠠ ᠨᠤᠲᠤᠭ ‍ᠤᠨ ᠳᠠᠭᠤᠤ ᠶ᠋ᠢᠨ ᠬᠠᠭᠤᠳᠠᠰᠤ ᠶ᠋ᠢ ᠪᠦᠷᠢᠯᠳᠦᠭᠦᠯᠵᠡᠶ ᠃

       ᠪᠦᠭᠳᠡᠷ ᠣᠳᠣ ᠤᠨ ᠵᠤᠭᠠᠴᠠᠯ ‍ᠤᠨ ᠦᠵᠡᠮᠵᠢ ᠶ᠋ᠢᠨ ᠣᠷᠣᠨ ‍ᠤ ᠪᠦᠲᠦᠭᠡᠨ ᠪᠠᠶᠢᠭᠣᠯᠣᠯᠳᠠ ᠨᠡᠷ᠎ᠡ ᠠᠯᠳᠠᠷᠰᠢᠬᠤ ᠶ᠋ᠢ ᠳᠠᠭᠠᠯᠳᠤᠨ ᠂ ᠵᠤᠭᠠᠴᠠᠯ ‍ᠤᠨ ᠦᠵᠡᠮᠵᠢ ᠶ᠋ᠢᠨ ᠣᠷᠣᠨ ᠨᠢ ᠨᠢᠭᠡᠨᠲᠡ ᠠᠮᠢ ᠠᠬᠤᠶ ᠪᠣᠯᠤᠨ ᠰᠣᠶᠣᠯ ‍ᠤᠨ ᠰᠡᠯᠡᠭᠦᠴᠡᠯ ᠂ ᠵᠤᠭᠠᠴᠠᠯ ‍ᠤᠨ ᠭᠠᠵᠠᠷ ᠪᠣᠯᠵᠠᠶ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ