ᠪᠡᠭᠡᠵᠢᠩ ᠬᠣᠲᠠ ᠶ᠋ᠢᠨ ᠲᠦᠩᠵᠧᠦ ᠲᠣᠭᠣᠷᠢᠭ ‍ᠤᠨ ᠨᠢᠭᠦᠯᠡᠰᠦᠩᠭᠦᠢ ᠶ᠋ᠢᠨ ᠦᠢᠯᠡᠰ ‍ᠦᠨ ᠨᠡᠶᠢᠭᠡᠮᠯᠢᠭ ᠮᠠᠨ ‍ᠤ ᠬᠣᠰᠢᠭᠤᠨ ‍ᠤ ᠨᠢᠭᠦᠯᠡᠰᠦᠩᠭᠦᠢ ᠶ᠋ᠢᠨ ᠦᠢᠯᠡᠰ ‍ᠦᠨ ᠶᠡᠷᠦᠩᠬᠡᠢ ᠡᠪᠯᠡᠯ ᠳᠠᠢ ᠬᠠᠪᠰᠤᠷᠤᠨ ᠲᠡᠳᠬᠦᠬᠦ ᠪᠣᠳᠠᠲᠠᠢ ᠠᠵᠢᠯ ᠢᠶᠡᠨ ᠵᠠᠯᠭᠠᠯᠳᠣᠭᠣᠯᠣᠭᠰᠠᠨ

ᠣᠩᠰᠢᠭᠰᠠᠨ ᠤᠳᠠᠭ᠎ᠠ ᠄ 6466     ᠨᠡᠶᠢᠳᠡᠯᠡᠭᠰᠡᠨ ᠴᠠᠭ ᠄ 2019/8/7 17:40:19

 

     7 ᠳ᠋ᠣᠭᠠᠷ ᠰᠠᠷ᠎ᠠ ᠶ᠋ᠢᠨ 30 ‍ᠦ ᠡᠳᠦᠷ ᠂ ᠪᠡᠭᠡᠵᠢᠩ ᠬᠣᠲᠠ ᠶ᠋ᠢᠨ ᠲᠦᠩᠵᠸᠦ ᠲᠣᠭᠣᠷᠢᠭ ᠤᠨ ᠨᠢᠭᠦᠯᠡᠰᠦᠩᠭᠦᠶ ᠶ᠋ᠢᠨ ᠦᠢᠯᠡᠰ ‍ᠦᠨ ᠨᠡᠶᠢᠭᠡᠮᠯᠢᠭ ᠮᠠᠨ ‍ᠤ ᠬᠣᠰᠢᠭᠤᠨ ‍ᠤ ᠨᠢᠭᠦᠯᠡᠰᠦᠩᠭᠦᠶ ᠶ᠋ᠢᠨ ᠦᠢᠯᠡᠰ ‍ᠦᠨ ᠶᠡᠷᠦᠩᠬᠡᠶ ᠡᠪᠯᠡᠯ ᠲᠡᠶ 《 ᠪᠡᠭᠡᠵᠢᠩ ᠥᠪᠥᠷ ᠮᠣᠩᠭᠣᠯ ᠨᠢᠭᠡ ᠭᠡᠷ ᠪᠦᠯᠢ ᠪᠠᠶᠢᠬᠣ 》 ᠬᠠᠪᠰᠤᠷᠤᠨ ᠲᠡᠳᠬᠦᠬᠦ ᠰᠠᠭᠣᠳᠠᠯ ᠤᠨ ᠬᠤᠷᠠᠯ ᠶᠠᠪᠣᠭᠳᠠᠭᠣᠯᠵᠣ ᠂ ᠪᠡᠭᠡᠵᠢᠩ ᠬᠣᠲᠠ ᠶ᠋ᠢᠨ ᠲᠦᠩᠵᠸᠦ ᠲᠣᠭᠣᠷᠢᠭ ᠤᠨ ᠨᠠᠮ ‍ᠤᠨ ᠬᠣᠷᠢᠶᠠᠨ ᠤ ᠨᠡᠶᠢᠭᠡᠮ ‍ᠦᠨ ᠠᠵᠢᠯᠯᠠᠬᠣ ᠬᠣᠷᠢᠶᠠᠨ ᠤ ᠱᠦᠵᠢ ᠂ ᠲᠣᠭᠣᠷᠢᠭ ‍ᠤᠨ ᠨᠢᠭᠦᠯᠡᠰᠦᠩᠭᠦᠶ ᠶ᠋ᠢᠨ ᠦᠢᠯᠡᠰ ‍ᠦᠨ ᠨᠡᠶᠢᠭᠡᠮᠯᠢᠭ ‍ᠦᠨ ᠳᠡᠳ᠋ ᠲᠠᠷᠣᠭ᠎ᠠ ᠴᠦ ᠬᠤᠸᠠᠢ ᠰᠸᠨ ᠂ ᠲᠦᠩᠵᠸᠤ ᠲᠣᠭᠣᠷᠢᠭ ᠤᠨ ᠨᠢᠭᠦᠯᠡᠰᠦᠩᠭᠦᠶ ᠶ᠋ᠢᠨ ᠦᠢᠯᠡᠰ ‍ᠦᠨ ᠨᠡᠶᠢᠭᠡᠮᠯᠢᠭ ‍ᠦᠨ ᠳᠡᠳ᠋ ᠲᠠᠷᠣᠭ᠎ᠠ ᠱᠢ ᠷᠦᠢ ᠳᠠᠩ ᠂ ᠬᠣᠰᠢᠭᠤᠨ ‍ᠤ ᠨᠠᠮ ‍ᠤᠨ ᠬᠣᠷᠢᠶᠠᠨ ᠤ ᠪᠠᠶᠢᠩᠭᠤ ᠶ᠋ᠢᠨ ᠭᠡᠰᠢᠭᠦᠨ ᠂ ᠬᠣᠰᠢᠭᠤᠨ ‍ᠤ ᠠᠷᠠᠳ ‍ᠤᠨ ᠵᠠᠰᠠᠭ ᠤᠨ ᠣᠷᠳᠣᠨ ‍ᠤ ᠳᠡᠳ᠋ ᠬᠣᠰᠢᠭᠣᠨ ᠳᠠᠷᠤᠭ᠎ᠠ ᠳᠠᠩ ᠳ᠋ᠢᠶᠠᠨ ᠺᠧ ᠬᠤᠷᠠᠯ ᠳ᠋ᠤ ᠰᠠᠭᠠᠳᠠᠵᠣ ᠂ ᠬᠣᠰᠢᠭᠤᠨ ‍ᠤ ᠠᠷᠠᠳ ‍ᠤᠨ ᠵᠠᠰᠠᠭ ᠤᠨ ᠣᠷᠳᠣᠨ ‍ᠤ ᠳᠡᠳ᠋ ᠬᠣᠰᠢᠭᠤᠨ ᠳᠠᠷᠤᠭ᠎ᠠ ᠡᠦ ᠵᠢᠶᠦ᠋ᠨ ᠮᠢᠩ ᠬᠤᠷᠠᠯ ‍ᠢ ᠡᠷᠭᠢᠯᠡᠪᠡ ᠃
      ᠬᠤᠷᠠᠯ ᠳᠡᠭᠡᠷ᠎ᠡ ᠂ ᠬᠣᠰᠢᠭᠤᠨ ‍ᠤ ᠠᠷᠠᠳ ‍ᠤᠨ ᠶᠠᠪᠤᠳᠠᠯ ‍ᠤᠨ ᠲᠣᠪᠴᠢᠶᠠᠨ ᠳᠠᠷᠤᠭ᠎ᠠ ᠷᠧᠨ ᠰᠢᠶᠠᠩ ᠴᠧᠩ ᠂ ᠬᠣᠰᠢᠭᠤᠨ ‍ᠤ ᠨᠢᠭᠦᠯᠡᠰᠦᠩᠭᠦᠶ ᠶ᠋ᠢᠨ ᠦᠢᠯᠡᠰ ‍ᠦᠨ ᠶᠡᠷᠦᠩᠬᠡᠶ ᠡᠪᠯᠡᠯ ‍ᠦᠨ ᠳᠠᠷᠤᠭ᠎ᠠ ᠢᠦᠢ ᠯᠢ ᠪᠣᠯᠣᠨ ᠲᠦᠩᠵᠧᠦ ᠲᠣᠭᠣᠷᠢᠭ ‍ᠤᠨ ᠠᠷᠠᠳ ‍ᠤᠨ ᠶᠠᠪᠤᠳᠠᠯ ‍ᠤᠨ ᠲᠣᠪᠴᠢᠶᠠᠨ ‍ᠤ ᠠᠵᠢᠯᠴᠢᠨ ‍ᠤ ᠡᠪᠯᠡᠯ ‍ᠦᠨ ᠲᠡᠷᠢᠭᠦᠯᠡᠭᠴᠢ ᠡᠦ ᠯᠢ ᠬᠤᠸᠠ ᠂ ᠲᠦᠩᠵᠧᠦ ᠲᠣᠭᠣᠷᠢᠭ ‍ᠤᠨ ᠨᠢᠭᠦᠯᠡᠰᠦᠩᠭᠦᠶ ᠶ᠋ᠢᠨ ᠦᠢᠯᠡᠰ ‍ᠦᠨ ᠨᠡᠶᠢᠭᠡᠮᠯᠢᠭ ‍ᠦᠨ ᠨᠠᠷᠢᠨ ᠪᠢᠴᠢᠭ ‍ᠦᠨ ᠳᠠᠷᠤᠭ᠎ᠠ ᠵᠠᠩ ᠵᠢᠦᠢ ᠹᠧᠩ ᠳᠣᠰᠪᠣᠷᠢ ᠮᠠᠨ ‍ᠤ ᠬᠣᠰᠢᠭᠤ ᠬᠢᠭᠡᠳ ᠲᠦᠩᠵᠧᠦ ᠲᠣᠭᠣᠷᠢᠭ ‍ᠤᠨ ᠠᠷᠠᠳ ‍ᠤᠨ ᠶᠠᠪᠤᠳᠠᠯ ‍ᠤᠨ ᠲᠣᠪᠴᠢᠶ᠎ᠠ ᠵᠢᠴᠢ ᠨᠢᠭᠦᠯᠡᠰᠦᠩᠭᠦᠶ ᠶ᠋ᠢᠨ ᠦᠢᠯᠡᠰ ‍ᠦᠨ ᠨᠡᠶᠢᠭᠡᠮᠯᠢᠭ ‍ᠦᠨ ᠦᠨᠳᠦᠰᠦᠨ ᠪᠠᠶᠢᠳᠠᠯ ‍ᠢ ᠳᠥᠭᠥᠮ ᠲᠠᠨᠢᠯᠴᠠᠭᠤᠯᠪᠠ ᠃ ᠳᠠᠷᠠᠭ᠎ᠠ ᠨᠢ ᠂ ᠲᠦᠩᠵᠧᠦ ᠲᠣᠭᠣᠷᠢᠭ ‍ᠤᠨ ᠨᠢᠭᠦᠯᠡᠰᠦᠩᠭᠦᠢ ᠶ᠋ᠢᠨ ᠦᠢᠯᠡᠰ ‍ᠦᠨ ᠨᠡᠢᠭᠡᠮᠯᠢᠭ ᠡᠴᠡ ᠮᠠᠨ ‍ᠤ ᠬᠣᠰᠢᠭᠤ ᠳᠠᠢ ᠵᠣᠭᠣᠰ ᠮᠥᠩᠭᠥ ᠡᠳ᠋ ᠪᠣᠳᠠᠰ ᠬᠠᠨᠳᠢᠪᠯᠠᠬᠤ ᠬᠡᠯᠡᠯᠴᠡᠭᠡᠷ ᠲᠣᠭᠲᠠᠭᠰᠠᠨ ᠪᠥᠭᠡᠳ ᠮᠠᠨ ‍ᠤ ᠬᠣᠰᠢᠭᠤᠨ ‍ᠤ ᠨᠢᠭᠦᠯᠡᠰᠦᠩᠭᠦᠢ ᠶ᠋ᠢᠨ ᠦᠢᠯᠡᠰ ‍ᠦᠨ ᠶᠡᠷᠦᠩᠬᠡᠢ ᠡᠪᠯᠡᠯ ᠳ᠋ᠦ ᠬᠣᠶᠠᠷ ᠬᠤᠪᠢ ᠤᠷᠠᠨ ᠵᠢᠷᠤᠭ ‍ᠤᠨ ᠪᠦᠲᠦᠭᠡᠯ ᠪᠡᠯᠡᠭᠯᠡᠵᠦ ᠂ ᠬᠣᠰᠢᠭᠤᠨ ‍ᠤ ᠨᠢᠭᠦᠯᠡᠰᠦᠩᠭᠦᠢ ᠶ᠋ᠢᠨ ᠦᠢᠯᠡᠰ ‍ᠦᠨ ᠶᠡᠷᠦᠩᠬᠡᠢ ᠡᠪᠯᠡᠯ ᠡᠴᠡ ᠳᠠᠯᠠᠷᠬᠠᠯ ᠤᠨ ᠲᠣᠭ ᠵᠢᠴᠢ ᠢᠷᠠᠭᠤ ᠠᠯᠳᠠᠷ ‍ᠤᠨ ᠦᠨᠡᠮᠯᠡᠯ ᠬᠠᠷᠢᠭᠣ ᠬᠦᠷᠭᠡᠭᠰᠡᠨ ᠪᠠᠶᠢᠨ᠎ᠠ ᠃
        ᠴᠦ ᠬᠤᠸᠠᠢ ᠰᠸᠨ ᠮᠠᠨ ‍ᠤ ᠬᠣᠰᠢᠭᠤᠨ ‍ᠤ ᠨᠢᠭᠦᠯᠡᠰᠦᠩᠭᠦᠶ ᠶ᠋ᠢᠨ ᠦᠢᠯᠡᠰ ‍ᠦᠨ ᠶᠡᠷᠦᠩᠬᠡᠶ ᠡᠪᠯᠡᠯ ‍ᠦᠨ ᠠᠵᠢᠯ ᠳ᠋ᠥ ᠭᠦᠶ᠋ᠴᠡᠳ ᠦᠨᠡᠯᠡᠯᠳᠡ ᠦᠭᠭᠦ ᠶ᠋ᠢᠨ ᠬᠠᠮᠳᠣ ᠮᠠᠨ ‍ᠤ ᠬᠣᠰᠢᠭᠤᠨ ‍ᠤ ᠠᠵᠢᠯ ᠦᠢᠯᠡᠰ ‍ᠦᠨ ᠬᠥᠭᠵᠢᠯᠲᠡ ᠶ᠋ᠢᠨ ᠪᠠᠶᠢᠳᠠᠯ ᠲᠠᠢ ᠤᠶᠠᠯᠳᠤᠭᠤᠯᠤᠨ ᠂ ᠠᠬ᠎ᠠ ᠳᠡᠭᠦᠦ ᠬᠣᠰᠢᠭᠤ ᠰᠢᠶᠠᠨ ‍ᠤ ᠲᠡᠷᠢᠭᠦᠨ ‍ᠦ ᠲᠤᠷᠰᠢᠯᠭ᠎ᠠ ᠶ᠋ᠢ ᠢᠳᠡᠪᠬᠢᠲᠡᠢ ᠰᠤᠷᠤᠯᠴᠠᠵᠤ ᠂ ᠲᠤᠰ ᠭᠠᠵᠠᠷ ᠣᠷᠣᠨ ‍ᠤ ᠪᠣᠳᠠᠲᠤ ᠪᠠᠶᠢᠳᠠᠯ ᠢᠶᠡᠨ ᠦᠨᠳᠦᠰᠦᠯᠡᠨ ᠂ ᠮᠠᠨ ‍ᠤ ᠬᠣᠰᠢᠭᠤᠨ ‍ᠤ ᠨᠢᠭᠦᠯᠡᠰᠦᠩᠭᠦᠶ ᠶ᠋ᠢᠨ ᠦᠢᠯᠡᠰ ‍ᠦᠨ ᠠᠵᠢᠯ ᠥᠷᠨᠢᠭᠦᠯᠬᠦ ᠳ᠋ᠦ ᠲᠣᠬᠢᠷᠠᠬᠤ ᠰᠢᠨ᠎ᠡ ᠵᠠᠮ ‍ᠢ ᠢᠳᠡᠪᠬᠢᠲᠡᠢ ᠰᠦᠪᠡᠭᠴᠢᠯᠡᠵᠦ ᠂ ᠣᠷᠣᠨ ᠨᠤᠲᠤᠭ ‍ᠤᠨ ᠵᠠᠰᠠᠭ ᠤᠨ ᠣᠷᠳᠣᠨ ‍ᠤ ᠬᠠᠷᠢᠭᠤᠴᠠᠯᠭ᠎ᠠ ᠡᠭᠦᠷᠭᠡ ᠶ᠋ᠢ ᠨᠠᠩ ᠰᠠᠶᠢᠲᠤᠷ ᠡᠭᠦᠷᠭᠡᠯᠡᠵᠦ ᠂ ᠠᠷᠠᠳ ᠲᠦᠮᠡᠨ ᠳ᠋ᠦ ᠨᠠᠩ ᠦᠨᠡᠨ ᠬᠦ ᠦᠶ᠋ᠯᠡᠴᠢᠯᠡᠬᠦ ᠵᠢ ᠳᠣᠷᠠᠳᠣᠭᠰᠠᠨ ᠪᠠᠶᠢᠨ᠎ᠠ ᠃

        ᠦᠳᠡ ᠶ᠋ᠢᠨ ᠬᠣᠶᠢᠨ᠎ᠠ ᠂ ᠲᠦᠩᠵᠸᠦ ᠲᠣᠭᠣᠷᠢᠭ ‍ᠤᠨ ᠨᠢᠭᠦᠯᠡᠰᠦᠩᠭᠦᠶ ᠶ᠋ᠢᠨ ᠦᠢᠯᠡᠰ ‍ᠦᠨ ᠨᠡᠶᠢᠭᠡᠮᠯᠢᠭ ᠬᠣᠰᠢᠭᠤᠨ ‍ᠤ ᠭᠤᠷᠪᠠᠳᠤᠭᠠᠷ ᠪᠠᠭ᠎ᠠ ᠰᠤᠷᠭᠠᠭᠤᠯᠢ ᠪᠣᠯᠤᠨ ᠳᠥᠷᠪᠡᠳᠦᠭᠡᠷ ᠳᠤᠮᠳᠠᠳᠤ ᠰᠤᠷᠭᠠᠭᠤᠯᠢ ᠳ᠋ᠤ ᠬᠦᠷᠴᠦ ᠂ ᠰᠤᠷᠭᠠᠭᠤᠯᠢ ᠶ᠋ᠢᠨ ᠳᠣᠳᠣᠨᠠᠬᠢ ᠬᠥᠯ ᠪᠥᠮᠪᠥᠭᠡ ᠶ᠋ᠢᠨ ᠣᠷᠳᠣᠨ ‍ᠤ ᠪᠦᠲᠦᠭᠡᠨ ᠪᠠᠶᠢᠭᠤᠯᠤᠯᠲᠠ ᠶ᠋ᠢᠨ ᠪᠠᠶᠢᠳᠠᠯ ‍ᠢ ᠪᠠᠶᠢᠴᠠᠭᠠᠨ ᠦᠵᠡᠵᠡᠢ ᠃ ᠲᠠᠷᠠᠭᠠᠴᠢ ᠶ᠋ᠢᠨ ᠠᠯᠬᠤᠮ ᠳ᠋ᠤ ᠂ ᠬᠣᠶᠠᠷ ᠰᠤᠷᠭᠠᠭᠤᠯᠢ ᠶ᠋ᠢᠨ ᠬᠥᠯ ᠪᠥᠮᠪᠥᠭᠡ ᠶ᠋ᠢᠨ ᠣᠷᠳᠣᠨ ᠤ ᠳᠣᠳᠣᠨᠠᠬᠢ ᠰᠠᠭᠤᠳᠠᠯ ᠵᠡᠷᠭᠡ ᠰᠠᠭᠤᠷᠢ ᠲᠥᠬᠥᠭᠡᠷᠦᠮᠵᠢ ᠶ᠋ᠢ ᠲᠦᠩᠵᠸᠦ ᠲᠣᠭᠣᠷᠢᠭ ᠤᠨ ᠨᠢᠭᠦᠯᠡᠰᠦᠩᠭᠦᠶ ᠶ᠋ᠢᠨ ᠦᠢᠯᠡᠰ ‍ᠦᠨ ᠨᠡᠶᠢᠭᠡᠮᠯᠢᠭ ᠡᠴᠡ ᠬᠠᠨᠳᠢᠪᠯᠠᠨ ᠬᠠᠩᠭᠠᠵᠤ ᠂ ᠦᠨ᠎ᠡ ᠥᠷᠲᠡᠭ 36 ᠲᠦᠮᠡᠨ ᠲᠥᠭᠥᠷᠢᠭ ᠲᠣ ᠬᠦᠷᠬᠦ ᠪᠣᠯᠤᠨ᠎ᠠ ᠃

       ᠳᠠᠷᠠᠭ᠎ᠠ ᠳ᠋ᠥ ᠨᠢ ᠂ ᠭᠤᠸᠠᠩ ᠮᠢᠩ ᠲᠣᠰᠬᠣᠨ ‍ᠤ ᠲᠠᠩᠰᠠᠨ ᠳ᠋ᠥ ᠲᠡᠮᠳᠡᠭᠯᠡᠨ ᠺᠠᠷᠲ ᠵᠣᠬᠢᠶᠠᠭᠰᠨ ᠶᠠᠳᠠᠭᠤ ᠬᠦᠴᠢᠷᠳᠡᠯᠲᠡᠶ ᠡᠷᠦᠬᠡ ᠰᠢᠤᠢ ᠯᠢ ᠰᠢᠨ ᠪᠣᠯᠤᠨ ᠶᠠᠩ ᠷᠦᠢ ᠫᠢᠩ ‍ᠦᠨ  ᠬᠢᠨ ‍ᠢ ᠪᠣᠯᠭᠣᠭᠠᠨ ᠲᠣᠬᠣᠨᠢᠭᠣᠯᠵᠣ ᠂ ᠴᠦ ᠬᠤᠸᠠᠢ ᠰᠧᠨ ᠳᠡᠳᠡᠨᠦᠰ ‍ᠢ ᠠᠮᠢᠳᠤᠷᠠᠯ ᠳ᠋ᠠᠭᠠᠨ ᠢᠳᠡᠪᠬᠢᠲᠡᠢ ᠬᠠᠨᠳᠤᠵᠤ ᠂ ᠪᠡᠶ᠎ᠡ ᠮᠠᠬᠠᠪᠣᠳ ᠢᠶᠡᠨ ᠢᠯᠡᠭᠦᠬᠡᠨ ᠬᠠᠮᠠᠭᠠᠯᠠᠬᠤ ᠬᠡᠷᠡᠭᠲᠡᠶ ᠭᠡᠵᠦ ᠵᠣᠷᠢᠭᠵᠢᠭᠤᠯᠪᠠ ᠃ ᠲᠦᠩᠵᠧᠦ ᠲᠣᠭᠣᠷᠢᠭ ‍ᠤᠨ ᠨᠢᠭᠦᠯᠡᠰᠦᠩᠭᠦᠢ ᠶ᠋ᠢᠨ ᠦᠢᠯᠡᠰ ‍ᠦᠨ ᠨᠡᠶᠢᠭᠡᠮᠯᠢᠭ 9000 ᠲᠦᠬᠦᠷᠢᠭ ᠭᠠᠷᠭᠠᠨ ᠂ ᠡᠨᠡ ᠬᠣᠶᠠᠷ ᠡᠷᠦᠬᠡ ᠤᠨ ᠨᠡᠶᠢᠭᠡᠮ ‍ᠦᠨ ᠲᠡᠳᠭᠦᠮᠵᠢ ᠳ᠋ᠦ ᠬᠡᠷᠡᠭᠯᠡᠭᠰᠡᠨ ᠪᠠᠶᠢᠨ᠎ᠠ ᠃
        ᠣᠶᠢᠯᠠᠭᠠᠭᠰᠠᠨ ᠢᠶᠠᠷ ᠂ ᠲᠦᠩᠵᠸᠦ ᠲᠣᠭᠣᠷᠢᠭ ᠤᠨ ᠨᠢᠭᠦᠯᠡᠰᠦᠩᠭᠦᠶ ᠶ᠋ᠢᠨ ᠨᠡᠶᠢᠭᠡᠮᠯᠢᠭ ᠮᠠᠨ ‍ᠤ ᠬᠣᠰᠢᠭᠤᠨ ‍ᠤ 31 ᠡᠷᠦᠬᠡ ᠶ᠋ᠢᠨ 100 ᠬᠥᠮᠦᠨ ᠳ᠋ᠦ 10 ᠲᠦᠮᠡᠨ ᠲᠥᠭᠥᠷᠢᠭ ᠬᠠᠨᠳᠢᠪᠯᠠᠵᠤ ᠬᠣᠨᠢ ᠬᠤᠳᠠᠯᠳᠤᠨ ᠠᠪᠬᠤ ᠳ᠋ᠤ ᠬᠡᠷᠡᠭᠯᠡᠭᠰᠡᠨ ᠪᠥᠭᠡᠳ ᠨᠢᠭᠦᠯᠡᠰᠦᠩᠭᠦᠶ ᠶ᠋ᠢᠨ ᠶᠡᠷᠦᠩᠬᠡᠶ ᠡᠪᠯᠡᠯ ᠲᠡᠶ ᠬᠠᠮᠲᠤᠷᠠᠨ ᠠᠵᠢᠯᠯᠠᠵᠤ ᠪᠠᠶᠢᠭ᠎ᠠ ᠨᠠᠶ᠋ᠮᠠᠨ ᠬᠣᠰᠢᠭᠤᠨ ‍ᠤ ᠹᠧᠩ ᠯᠦᠩ ᠲᠡᠵᠢᠭᠡᠨ ᠦᠷᠡᠵᠢᠭᠦᠯᠬᠦ ᠬᠣᠷᠰᠢᠶᠠᠵᠢᠯ ᠳ᠋ᠤ ᠨᠠᠶᠢᠳᠠᠨ ᠳᠡᠵᠢᠬᠡᠯᠬᠡᠵᠦ ᠂ ᠬᠣᠷᠰᠢᠶᠠᠵᠢᠯ ᠡᠴᠡ ᠵᠢᠯ ᠪᠦᠷᠢ ᠲᠤᠰᠠᠯᠠᠮᠵᠢ ᠬᠦᠷᠲᠡᠬᠦ ᠬᠥᠮᠦᠨ ᠠᠮᠠ ᠳ᠋ᠤ 1 ᠬᠣᠨᠢ ᠪᠤᠶᠤ 1000 ᠲᠥᠭᠥᠷᠢᠭ ᠬᠤᠪᠢᠶᠠᠨ ᠥᠭᠴᠦ ᠂ ᠶᠠᠳᠠᠭᠤ ᠬᠦᠴᠢᠷᠳᠡᠯᠲᠡᠶ ᠡᠷᠦᠬᠡ ᠳ᠋ᠦ ᠨᠢᠭᠡ ᠬᠤᠪᠢ ᠲᠣᠭᠲᠠᠪᠤᠷᠢᠲᠠᠶ ᠣᠷᠣᠯᠭ᠎ᠠ ᠣᠯᠭᠣᠭᠰᠠᠨ ᠪᠠᠶᠢᠨ᠎ᠠ ᠃
          ᠴᠦ ᠬᠤᠸᠠᠢ ᠰᠧᠨ ᠨᠠᠷ ᠡᠭᠦᠯᠳᠡᠷ ᠤᠨ ᠬᠣᠨᠢᠨ ᠤ ᠰᠠᠭᠤᠷᠢᠨ ᠭᠠᠵᠠᠷ ᠢᠶᠠᠷ ᠲᠣᠭᠣᠷᠢᠨ ᠦᠵᠡᠵᠦ ᠂ ᠡᠷᠡᠭᠦᠯ ᠬᠠᠮᠠᠭᠠᠯᠠᠯ ᠰᠠᠶᠢᠲᠠᠶ ᠲᠡᠵᠢᠭᠡᠨ ᠦᠷᠡᠵᠢᠭᠦᠯᠬᠦ ᠣᠷᠴᠢᠨ ᠲᠣᠭᠣᠷᠢᠨ ᠪᠣᠯᠤᠨ ᠲᠠᠷᠭᠣ ᠰᠠᠶᠢᠲᠠᠶ ᠡᠭᠦᠯᠳᠡᠷ ᠤᠨ ᠬᠣᠨᠢ ᠶ᠋ᠢ ᠦᠵᠡᠭᠡᠳ ᠂ ᠮᠠᠨ ‍ᠤ ᠬᠣᠰᠢᠭᠤᠨ ‍ᠤ ᠨᠢᠭᠦᠯᠡᠰᠦᠩᠭᠦᠶ ᠶ᠋ᠢᠨ ᠦᠢᠯᠡᠰ ‍ᠦᠨ ᠶᠡᠷᠦᠩᠬᠡᠶ ᠡᠪᠯᠡᠯ ‍ᠦᠨ ᠠᠵᠢᠯ ᠥᠷᠨᠢᠭᠦᠯᠬᠦ ᠡᠷᠴᠢ ᠵᠣᠷᠢᠭ ᠪᠣᠯᠤᠨ ᠪᠣᠳᠠᠲᠤ ᠦᠷ᠎ᠡ ᠪᠦᠲᠦᠮᠵᠢ ᠶ᠋ᠢ ᠭᠦᠶ᠋ᠴᠡᠳ ᠨᠤᠲᠠᠯᠠᠪᠠ ᠃
        ᠣᠶᠢᠷ᠎ᠠ ᠶ᠋ᠢᠨ ᠵᠢᠯ ᠡᠴᠡ ᠂ ᠮᠠᠨ ‍ᠤ ᠬᠣᠰᠢᠭᠤᠨ ‍ᠤ ᠨᠢᠭᠦᠯᠡᠰᠦᠩᠭᠦᠶ ᠶ᠋ᠢᠨ ᠦᠢᠯᠡᠰ ‍ᠦᠨ ᠶᠡᠷᠦᠩᠬᠡᠶ ᠡᠪᠯᠡᠯ ᠬᠣᠰᠢᠭᠣᠨ ᠤ ᠨᠠᠮ ‍ᠤᠨ ᠬᠣᠷᠢᠶᠠᠨ ‍ᠤ ᠤᠷᠢᠶᠠᠯᠠᠭ᠎ᠠ ᠶ᠋ᠢ ᠢᠳᠡᠪᠬᠢᠲᠡᠢ ᠳᠠᠭᠠᠵᠤ ᠂ ᠨᠡᠶᠢᠭᠡᠮ ‍ᠦᠨ ᠡᠯ᠎ᠡ ᠡᠲᠡᠭᠡᠳ ‍ᠦᠨ ᠳᠡᠮᠵᠢᠯᠭᠡ ᠪᠠ ᠬᠠᠪᠰᠤᠷᠤᠯᠭ᠎ᠠ ᠶ᠋ᠢ ᠴᠢᠷᠮᠠᠶᠢᠨ ᠡᠷᠢᠯᠬᠢᠯᠡᠵᠦ ᠂ ᠡᠯ᠎ᠡ ᠵᠦᠶ᠋ᠯ ‍ᠦᠨ ᠠᠵᠢᠯ ᠥᠷᠨᠢᠭᠦᠯᠦᠭᠰᠡᠨ ᠠᠬᠢᠴᠠ ᠰᠠᠶᠢᠨ ᠪᠥᠭᠡᠳ ᠵᠥᠪ ᠲᠠᠯ᠎ᠠ ᠶ᠋ᠢᠨ ᠲᠤᠰᠬᠠᠯ ᠣᠯᠵᠤ ᠂ ᠨᠡᠶᠢᠭᠡᠮ ‍ᠦᠨ ᠵᠣᠬᠢᠶᠠᠨ ᠪᠠᠶᠢᠭᠤᠯᠤᠯᠲᠠ ᠶ᠋ᠢᠨ ᠶᠠᠳᠠᠭᠤ ᠡᠴᠠ ᠠᠩᠭᠢᠵᠢᠷᠠᠭᠣᠯᠣᠨ ᠪᠣᠭᠣᠮᠲᠠ ᠰᠢᠪᠲᠤᠯᠬᠤ ᠳᠤᠮᠳᠠᠬᠢ ᠨᠥᠬᠥᠪᠥᠷᠢᠯᠡᠬᠦ ᠦᠶ᠋ᠯᠡᠳᠦᠯ ‍ᠢ ᠭᠦᠶ᠋ᠴᠡᠳ ᠪᠠᠳᠠᠷᠠᠭᠤᠯᠵᠤ ᠂ ᠮᠠᠨ ‍ᠤ ᠬᠣᠰᠢᠭᠤᠨ ‍ᠤ ᠶᠠᠳᠠᠭᠤ ᠡᠴᠠ ᠠᠩᠭᠢᠵᠢᠷᠠᠭᠣᠯᠣᠨ ᠪᠣᠭᠣᠮᠲᠠ ᠰᠢᠪᠲᠤᠯᠬᠤ ᠠᠵᠢᠯ ‍ᠤᠨ ᠰᠠᠶᠢᠨ ᠰᠠᠶᠢᠬᠠᠨ ᠠᠬᠢᠴᠠ ᠲᠠᠶ ᠪᠣᠯᠬᠤ ᠳ᠋ᠤ ᠴᠢᠬᠤᠯᠠ ᠦᠶ᠋ᠯᠡᠳᠦᠯ ᠦᠵᠡᠬᠦᠯᠪᠡ
ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ