ᠪᠠ ᠬᠤ ᠱᠠᠨ ᠵᠤᠸᠠᠩ ᠰᠡᠯᠡᠭᠦᠴᠡᠨ ᠠᠮᠠᠷᠠᠬᠤ ᠵᠤᠰᠠᠯᠠᠩ ‍

ᠣᠩᠰᠢᠭᠰᠠᠨ ᠤᠳᠠᠭ᠎ᠠ ᠄ 1342     ᠨᠡᠶᠢᠳᠡᠯᠡᠭᠰᠡᠨ ᠴᠠᠭ ᠄ 2019/8/7 16:18:43

     ᠪᠠ ᠬᠤ ᠱᠠᠨ ᠵᠤᠸᠠᠩ ᠰᠡᠯᠡᠭᠦᠴᠡᠨ ᠠᠮᠠᠷᠠᠬᠤ ᠵᠤᠰᠠᠯᠠᠩ ᠲᠦᠩᠯᠢᠶᠣᠤ ᠬᠣᠲᠠ ᠶ᠋ᠢᠨ ᠨᠠᠢᠮᠠᠨ ᠬᠣᠰᠢᠭᠤᠨ ‍ᠤ ᠴᠢᠩ ᠯᠦᠩ ᠱᠠᠨ ᠪᠠᠯᠭᠠᠰᠤᠨ ‍ᠤ ᠴᠢᠩ ᠯᠦᠩ ᠱᠠᠨ ᠠᠭᠤᠯᠠ ᠶ᠋ᠢᠨ ᠡᠮᠦᠨ᠎ᠡ ᠬᠣᠷᠮᠣᠶ ᠳ᠋ᠤ ᠪᠠᠶᠢᠷᠢᠯᠠᠵᠤ ᠂ 2009 ᠣᠨ ᠳ᠋ᠤ ᠪᠠᠶᠢᠭᠤᠯᠤᠭᠳᠠᠵᠠᠶ ᠃ ᠡᠨᠳᠡᠬᠢ ᠵᠠᠮ ᠬᠠᠷᠢᠯᠴᠠᠭ᠎ᠠ ᠳᠥᠭᠥᠮ ᠳᠥᠲᠡ ᠂ ᠡᠮᠦᠨᠡᠰᠢ ᠪᠡᠨ ᠯᠢᠶᠣᠤᠨᠢᠩ ‍ᠤᠨ ᠹᠦᠰᠢᠨ ᠬᠤᠳᠠ ᠡᠴᠠ 50 ᠺᠢᠯᠣᠮᠧᠲ᠋ᠷ ᠵᠠᠶᠢᠲᠠᠶ ᠂ ᠤᠮᠠᠷᠠᠰᠢ ᠪᠠᠨ ᠲᠦᠩᠯᠢᠶᠣᠣ ᠡᠴᠡ ᠤᠯᠠᠭᠠᠨᠬᠠᠳᠠ ᠬᠦᠷᠳᠡᠯᠡᠬᠢ  ᠦᠨᠳᠦᠷ ᠬᠣᠷᠳᠣᠴᠠᠳᠣ ᠵᠠᠰᠠᠮᠠᠯ ᠵᠠᠮ ᠡᠴᠡ 50 ᠺᠢᠯᠣᠮᠧᠲ᠋ᠷ ᠵᠠᠶᠢᠲᠠᠶ ᠃ ᠵᠤᠰᠠᠯᠠᠩ ᠤᠨ ᠠᠭᠤᠯᠠ ᠤᠰᠤ ᠦᠵᠡᠰᠬᠦᠯᠡᠩ ᠂ ᠪᠠᠷᠢᠯᠭ᠎ᠠ ᠭᠣᠶᠣ ᠂ ᠠᠷᠠᠳ ‍ᠤᠨ ᠵᠠᠩ ᠠᠭᠠᠯᠢ  ᠂ ᠠᠮᠢ ᠠᠬᠤᠢ ᠶ᠋ᠢᠨ ᠬᠠᠮᠠᠭᠠᠯᠠᠯᠲᠠ ᠰᠠᠶᠢᠨ ᠪᠠᠶᠢᠵᠤ ᠂ ᠴᠢᠩ ᠯᠦᠩ ᠱᠠᠨ ᠠᠭᠤᠯᠠ ᠶ᠋ᠢᠨ ᠬᠣᠲᠣᠭᠣᠷ ᠵᠤᠭᠠᠴᠠᠯ ‍ᠤᠨ ᠣᠷᠣᠨ ᠂ ᠴᠧᠨ ᠣᠯᠣᠰ ᠤᠨ ᠭᠦᠩᠵᠣ ‍ᠦᠨ ᠣᠩᠭᠣᠨ ᠂ ᠯᠦᠩ ᠸᠧᠶ ᠭᠸᠦ ᠵᠢᠨ ᠦᠵᠡᠮᠵᠢ ᠶ᠋ᠢᠨ ᠣᠷᠣᠨ ᠲᠠᠶ ᠬᠠᠮᠳᠣ ᠳᠥᠷᠪᠡᠨ ᠴᠡᠭ ᠭᠤᠷᠪᠠᠨ ᠱᠤᠭᠤᠮ ᠬᠣᠶᠠᠷ ᠬᠡᠪ ᠨᠠᠮᠪᠠ ᠨᠢᠭᠡ ᠰᠣᠳᠣᠨ ᠵᠤᠭᠠᠴᠠᠯ ‍ᠤᠨ ᠵᠠᠮ ᠱᠤᠭᠤᠮ ‍ᠢ ᠪᠦᠷᠢᠯᠳᠦᠭᠦᠯᠪᠡ ᠃ ᠵᠤᠰᠠᠯᠠᠩ ‍ᠤᠨ ᠶᠡᠷᠦᠩᠬᠡᠶ ᠲᠠᠯᠠᠪᠠᠢ ᠨᠢ 1500 ᠮᠣ ᠪᠠᠶᠢᠵᠤ ᠂ ᠬᠣᠭᠣᠯᠠ ᠤᠮᠳᠠ ᠂ ᠬᠣᠨᠣᠭ ᠪᠠᠭᠤᠳᠠᠯ ᠂ ᠵᠢᠭᠠᠰᠤ ᠭᠥᠬᠢᠳᠡᠬᠦ ᠂ ᠠᠭᠣᠯᠠ ᠠᠪᠠᠷᠢᠬᠣ ᠂ ᠮᠣᠷᠢ ᠣᠷᠣᠯᠳᠤᠬᠤ ᠂ ᠠᠩ ᠠᠩᠨᠠᠬᠤ ᠂ ᠬᠤᠷᠠᠯ ᠴᠤᠭᠯᠠᠭᠠᠨ ᠂ ᠭᠡᠷ ‍ᠦᠨ ᠭᠠᠳᠠᠨᠠᠬᠢ ᠥᠷᠭᠡᠵᠢᠯ ᠂ ᠰᠢᠨᠵᠢᠯᠡᠬᠦ ᠤᠬᠠᠭᠠᠨ ‍ᠢ ᠲᠦᠭᠡᠮᠡᠯᠵᠢᠭᠦᠯᠬᠦ ᠬᠥᠮᠦᠵᠢᠯ ᠪᠠ ᠵᠣᠭᠠᠴᠠᠨ ᠰᠡᠯᠡᠭᠦᠴᠡᠬᠦ ᠶ᠋ᠢ ᠨᠢᠭᠡ ᠴᠣᠭᠴᠠᠵᠢᠭᠤᠯᠤᠭᠰᠠᠨ ᠲᠣᠮᠣ ᠬᠡᠯᠪᠡᠷᠢ ᠶ᠋ᠢᠨ ᠵᠢᠭᠤᠯᠴᠢᠯᠠᠯ ‍ᠤᠨ ᠠᠮᠠᠷᠠᠯᠲᠠ ᠶ᠋ᠢᠨ ᠣᠷᠣᠨ ᠪᠣᠯᠤᠨ᠎ᠠ ᠃

    ᠵᠤᠰᠠᠯᠠᠩ ‍ᠤᠨ ᠣᠷᠣᠨ ᠰᠠᠭᠤᠴᠠ ᠂ ᠢᠳᠡᠭᠡᠨ ᠤᠮᠳᠠᠭᠠᠨ ‍ᠤ ᠨᠥᠬᠥᠴᠡᠯ ᠨᠢ 300 ᠬᠥᠮᠦᠨ ᠬᠠᠮᠲᠤ ᠬᠣᠭᠣᠯᠠᠯᠠᠬᠤ ᠶ᠋ᠢ ᠬᠦᠯᠢᠶᠡᠨ ᠠᠪᠴᠤ ᠂ ᠲᠠᠷᠢᠶᠠᠴᠢᠨ ᠠᠶᠢᠯ ‍ᠤᠨ ᠣᠨᠴᠠᠯᠢᠭ ᠲᠠᠶ 80 ᠲᠠᠰᠤᠯᠭ᠎ᠠ ᠭᠡᠷ ᠲᠠᠢ ᠪᠠᠶᠢᠵᠣ ᠂ 150 ᠭᠠᠷᠤᠶ ᠬᠥᠮᠦᠨ ‍ᠦ ᠣᠷᠣᠨ ᠰᠠᠭᠤᠴᠠ ᠶ᠋ᠢ ᠬᠦᠯᠢᠶᠡᠨ ᠠᠪᠴᠤ ᠪᠣᠯᠤᠨ᠎ᠠ ᠃ ᠡᠨᠳᠡᠬᠢ ᠵᠤᠭ᠎ᠠ ᠴᠡᠩᠭᠡᠯ ᠤᠨ ᠲᠥᠬᠥᠭᠡᠷᠦᠮᠵᠢ ᠪᠦᠷᠢᠨ ᠲᠡᠭᠦᠯᠳᠡᠷ ᠂ ᠣᠯᠠᠨ ᠵᠦᠶ᠋ᠯ ‍ᠦᠨ ᠠᠮᠢᠳᠤᠯᠢᠭ ᠰᠣᠨᠢᠷᠬᠠᠯᠲᠠᠶ ᠵᠤᠭ᠎ᠠ ᠴᠡᠩᠭᠡᠯ ᠵᠢᠴᠢ ᠲᠠᠷᠢᠶᠠᠯᠠᠩ ‍ᠤᠨ ᠠᠵᠢᠯᠯᠠᠭ᠎ᠠ ᠳ᠋ᠤ ᠣᠷᠣᠯᠴᠠᠵᠤ ᠪᠣᠯᠤᠨ᠎ᠠ ᠃ ᠵᠤᠰᠠᠯᠠᠩ ᠳ᠋ᠤ ᠲᠡᠯᠭᠡᠨ ᠦᠵᠡᠭᠦᠯᠬᠦ ᠣᠷᠳᠣᠨ ᠪᠠᠶᠢᠵᠤ ᠂ ᠵᠤᠭᠠᠴᠠᠭᠰᠠᠳ ᠲᠤ ᠪᠠᠯᠠᠷ ᠡᠷᠲᠡᠨ ‍ᠦ ᠲᠠᠷᠢᠶᠠᠯᠠᠩ ᠂ ᠠᠮᠢᠳᠤᠷᠠᠯ ‍ᠤᠨ ᠬᠡᠷᠡᠭᠰᠡᠯ ‍ᠢ ᠲᠡᠯᠭᠡᠨ ᠦᠵᠡᠭᠦᠯᠵᠦ ᠂ ᠵᠤᠭᠠᠴᠠᠭᠰᠠᠳ ᠲᠤ ᠳᠤᠮᠳᠠᠳᠤ ᠶ᠋ᠢᠨ ᠦᠨᠳᠦᠰᠦᠲᠡᠨ ‍ᠦ ᠣᠶᠤᠨ ᠤᠬᠠᠭᠠᠨ ᠪᠠ ᠬᠥᠳᠡᠯᠮᠦᠷᠢ ᠶ᠋ᠢᠨ ᠣᠬᠢ ᠪᠦᠲᠦᠭᠡᠯ ‍ᠢ ᠦᠵᠡᠭᠦᠯᠵᠦ ᠪᠣᠯᠤᠨ᠎ᠠ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ