ᠮᠠᠨ ‍ᠤ ᠬᠣᠰᠢᠭᠤᠨ ‍ᠤ ᠠᠵᠤ ᠠᠬᠤᠢ ᠶ᠋ᠢᠨ ᠣᠢ ᠶ᠋ᠢᠨ ᠪᠦᠲᠦᠭᠡᠨ ᠪᠠᠶᠢᠭᠤᠯᠤᠯᠲᠠ ᠶ᠋ᠢᠨ ᠦᠷ᠎ᠡ ᠪᠦᠲᠦᠭᠡᠯ ᠰᠢᠨ᠎ᠡ ᠲᠡᠮᠳᠡᠭᠯᠡᠯ ‍ᠢ ᠡᠭᠦᠳᠦᠭᠰᠡᠨ

ᠣᠩᠰᠢᠭᠰᠠᠨ ᠤᠳᠠᠭ᠎ᠠ ᠄ 1202     ᠨᠡᠶᠢᠳᠡᠯᠡᠭᠰᠡᠨ ᠴᠠᠭ ᠄ 2019/8/2 16:57:18


         ᠣᠶᠢᠵᠢᠭᠤᠯᠤᠯᠲᠠ ᠶ᠋ᠢᠨ ᠭᠣᠤᠯᠳᠠᠯᠭ᠎ᠠ ᠶ᠋ᠢ ᠠᠷᠠᠳ ᠣᠯᠠᠨ ‍ᠤ 《 ᠠᠯᠳᠠᠨ ᠮᠦᠩᠭᠦᠨ ᠠᠭᠤᠯᠠ 》 ᠶ᠋ᠢ ᠴᠣᠭᠴᠠᠯᠠᠬᠤ ᠳᠡᠭᠡᠷ᠎ᠡ ᠲᠠᠯᠪᠢᠵᠤ ᠂ ᠣᠯᠠᠨ ᠵᠢᠯ ‍ᠦᠨ ᠲᠤᠷᠰᠢ ᠠᠵᠤ ᠠᠬᠤᠢ ᠶ᠋ᠢᠨ ᠦᠷ᠎ᠡ ᠠᠰᠢᠭ ᠠᠨᠠᠢ ᠤᠨᠠᠯᠲᠠ ᠳᠣᠤᠷ᠎ᠠ ᠣᠯᠢᠶᠠᠰᠣᠨ ᠮᠣᠳᠣ ᠵᠢ ᠵᠢᠮᠢᠰ ‍ᠦᠨ ᠮᠣᠳᠣᠨ ‍ᠤ ᠠᠵᠤ ᠠᠬᠤᠢ ᠶ᠋ᠢᠨ ᠣᠢ ᠪᠣᠯᠭᠠᠨ ᠥᠭᠡᠷᠡᠴᠢᠯᠡᠬᠦ ᠪᠣᠯ ᠮᠠᠨ ‍ᠤ ᠬᠣᠰᠢᠭᠤᠨ ‍ᠤ ᠣᠢ ᠰᠢᠭᠤᠶ ᠶ᠋ᠢᠨ ᠦᠢᠯᠡᠰ ‍ᠦᠨ ᠠᠮᠢ ᠠᠬᠤᠢ ᠶ᠋ᠢᠨ ᠪᠦᠲᠦᠭᠡᠨ ᠪᠠᠶᠢᠭᠤᠯᠤᠯᠲᠠ ᠶ᠋ᠢᠨ ᠬᠡᠯᠪᠡᠷᠢ ᠪᠡᠨ ᠬᠤᠪᠢᠷᠠᠭᠤᠯᠤᠨ ᠳᠡᠰ ᠳᠡᠪᠰᠢᠭᠦᠯᠬᠦ ᠭᠣᠣᠯᠳᠠᠯᠭ᠎ᠠ ᠪᠠᠷᠢᠮᠳᠠ ᠪᠣᠯᠣᠨ᠎ᠠ ᠃ ᠡᠨᠡ ᠵᠢᠯ ᠮᠠᠨ ‍ᠤ ᠬᠣᠰᠢᠭᠤᠨ ‍ᠤ ᠰᠢᠨ᠎ᠡ ᠪᠡᠷ ᠨᠡᠮᠡᠭᠳᠡᠭᠰᠡᠨ ᠵᠢᠮᠢᠰ ‍ᠦᠨ ᠮᠣᠳᠣᠨ ‍ᠤ ᠠᠵᠤ ᠠᠬᠤᠢ ᠶ᠋ᠢᠨ ᠣᠢ 5.8 ᠲᠦᠮᠡᠨ ᠮᠦ ᠳ᠋ᠥ ᠬᠦᠷᠴᠣ ᠂ ᠠᠵᠤ ᠦᠢᠯᠡᠰ ‍ᠦᠨ ᠬᠥᠭᠵᠢᠯᠲᠡ ᠂ ᠲᠠᠷᠢᠶᠠᠴᠢᠳ ‍ᠤᠨ ᠣᠷᠣᠯᠭ᠎ᠠ ᠶ᠋ᠢᠨ ᠨᠡᠮᠡᠭᠳᠡᠯ ᠂ ᠠᠮᠢ ᠠᠬᠤᠢ ᠶ᠋ᠢᠨ ᠰᠡᠷᠬᠦᠬᠡᠯᠳᠡ ᠶ᠋ᠢᠨ ᠪᠣᠬᠢᠷᠲᠤᠯ ᠥᠬᠡᠶ ᠬᠥᠭᠵᠢᠯᠲᠡ ᠶ᠋ᠢᠨ ᠵᠠᠮ  ‍ᠢ ᠨᠡᠭᠡᠭᠡᠭᠰᠡᠨ ᠪᠠᠶᠢᠨ᠎ᠠ ᠃

         ᠪᠠᠶᠢᠰᠢᠩᠳᠣ ᠪᠠᠯᠭᠠᠰᠤᠨ ‍ᠤ ᠲᠠᠯᠠᠢ ᠶ᠋ᠢᠨ ᠲᠥᠩ ᠲᠣᠰᠬᠣᠨ ‍ᠤ ᠰᠡᠷᠭᠡᠶᠢᠯᠡᠯᠳᠡ ᠶ᠋ᠢᠨ ᠣᠢ ᠵᠢ ᠦᠬᠡᠷᠡᠴᠢᠯᠡᠭᠰᠡᠨ ᠵᠢᠮᠢᠰ ᠤᠨ ᠮᠣᠳᠣᠨ ᠤ ᠠᠵᠣ ᠠᠬᠣᠢ ᠶ᠋ᠢᠨ ᠣᠢ ᠶ᠋ᠢᠨ ᠰᠠᠭᠣᠷᠢᠨ ᠭᠠᠵᠠᠷ ᠨᠢ ᠪᠠᠶᠢᠰᠢᠩᠳᠣ ᠪᠠᠯᠭᠠᠰᠤ ᠡᠴᠠ ᠪᠠᠷᠠᠭᠤᠨᠰᠢ 2.5 ᠺᠢᠯᠣᠮᠧᠲ᠋ᠷ ᠵᠠᠶᠢᠲᠠᠶ ᠭᠠᠵᠠᠷ ᠪᠠᠶᠢᠷᠢᠰᠢᠵᠦ ᠂ ᠵᠢᠮᠢᠰ ‍ᠦᠨ ᠮᠣᠳᠣᠨ ‍ᠤ ᠠᠵᠤ ᠠᠬᠤᠢ ᠶ᠋ᠢᠨ ᠤᠢ ᠪᠣᠯᠭᠠᠨ ᠦᠬᠡᠷᠡᠴᠢᠯᠡᠬᠦ ᠡᠴᠡ ᠡᠮᠦᠨᠡᠬᠢ ᠶᠡᠬᠡᠩᠬᠢ ᠬᠡᠰᠡᠭ ᠨᠢ ᠰᠡᠷᠬᠡᠶᠢᠯᠡᠯᠳᠡ ᠶ᠋ᠢᠨ ᠣᠢ ᠪᠣᠯᠤᠨ᠎ᠠ ᠃ ᠲᠤᠬᠠᠶ ᠶ᠋ᠢᠨ ᠭᠠᠵᠠᠷ ‍ᠤᠨ ᠣᠢ ᠰᠢᠭᠣᠢ ᠶ᠋ᠢᠨ ᠡᠬᠢ ᠪᠠᠶᠠᠯᠢᠭ ‍ᠤᠨ ᠭᠤᠷᠪᠠᠨ ᠶᠡᠬᠡ ᠦᠷ᠎ᠡ ᠠᠰᠢᠭ ‍ᠢ ᠭᠦᠶ᠋ᠴᠡᠳ ᠪᠠᠳᠠᠷᠠᠭᠤᠯᠵᠤ ᠂ ᠣᠯᠠᠨ ᠲᠦᠮᠡᠨ ‍ᠦ ᠠᠵᠤ ᠠᠬᠤᠢ ᠶ᠋ᠢᠨ ᠣᠷᠣᠯᠭ᠎ᠠ ᠶ᠋ᠢ ᠨᠡᠮᠡᠭᠳᠡᠭᠦᠯᠬᠦ ᠶ᠋ᠢᠨ ᠲᠥᠯᠥᠭᠡ ᠂ ᠣᠯᠠᠨ ᠲᠦᠮᠡᠨ ‍ᠦ ᠵᠥᠪᠰᠢᠶᠡᠷᠡᠯ ‍ᠢ ᠣᠯᠤᠭᠰᠠᠨ ᠰᠠᠭᠤᠷᠢᠨ ᠳᠡᠭᠡᠷ᠎ᠡ ᠂ ᠰᠣᠳᠣᠯᠣᠯᠳᠠ ᠪᠠᠷ ᠳᠠᠮᠵᠢᠨ ᠲᠣᠰᠬᠣᠨ ‍ᠤ ᠡᠮᠦᠨ᠎ᠡ  ᠰᠡᠷᠭᠡᠶᠢᠯᠡᠯᠳᠡ ᠶ᠋ᠢᠨ ᠣᠢ ᠵᠢ ᠥᠭᠡᠷᠡᠴᠢᠯᠡᠨ ᠵᠢᠮᠢᠰ ‍ᠦᠨ ᠮᠣᠳᠣᠨ ‍ᠤ ᠠᠵᠤ ᠠᠬᠤᠢ ᠶ᠋ᠢᠨ ᠣᠢ ᠵᠢ ᠣᠶᠢᠵᠢᠭᠣᠯᠬᠣ ᠲᠥᠷᠥᠯ ᠵᠦᠢᠯ ‍ᠢ ᠬᠡᠷᠡᠭᠵᠢᠭᠦᠯᠦᠭᠰᠡᠨ ᠪᠠᠶᠢᠨ᠎ᠠ ᠃  ᠪᠠᠶᠢᠰᠢᠩᠳᠣ ᠪᠠᠯᠭᠠᠰᠤᠨ ‍ᠤ ᠲᠠᠯᠠᠢ ᠶ᠋ᠢᠨ ᠲᠦᠩ ᠲᠣᠰᠬᠣᠨ ‍ᠤ ᠨᠠᠮ ‍ᠤᠨ ᠡᠭᠦᠷ ‍ᠦᠨ ᠱᠦᠵᠢ ᠤᠤ ᠬᠤᠢ ᠄ 2008 ᠣᠨ ᠤ ᠨᠢᠭᠡᠳᠦᠭᠡᠷ ᠬᠤᠭᠤᠴᠠᠭᠠᠨ ᠳ᠋ᠤ ᠪᠢᠳᠡ 1000 ᠮᠦ ᠮᠣᠳᠣ ᠲᠠᠷᠢᠵᠤ ᠂ ᠮᠠᠨ ‍ᠤ ᠲᠣᠰᠬᠣᠨ ᠨᠢᠭᠡᠳᠦᠯᠲᠡᠶ ᠲᠦᠯᠦᠪᠯᠡᠨ ᠴᠢᠬᠢ ᠮᠣᠳᠣ ᠪᠣᠶᠢᠵᠢᠭᠣᠯᠵᠣ ᠂ ᠠᠷᠠᠳ ᠢᠷᠭᠡᠳ ᠲᠦ ᠬᠤᠪᠢᠶᠠᠨ ᠥᠭᠴᠦ ᠂ ᠡᠷᠦᠬᠡ ᠪᠦᠷᠢ ᠳ᠋ᠦ 5 ᠮᠦ ᠡᠴᠡ 6 ᠮᠣ ᠥᠭᠴᠦ ᠂  ᠨᠡᠶᠢᠳᠡ 63 ᠡᠷᠦᠬᠡ ᠶ᠋ᠢᠨ ᠡᠷᠦᠬᠡ ᠪᠣᠯᠭᠠᠨ ᠳ᠋ᠤ ᠪᠦᠷ ᠪᠠᠶᠢᠨ᠎ᠠ ᠃ ᠤᠳᠤ ᠨᠢᠭᠡ ᠰᠠᠭᠤᠷᠢ ᠮᠣᠳᠣ ᠡᠴᠠ 100 ᠵᠢᠩ ᠵᠢᠮᠢᠰ ᠬᠣᠷᠢᠶᠠᠵᠣ ᠂ ᠨᠢᠭᠡ ᠮᠦ ᠭᠠᠵᠠᠷ ᠡᠴᠠ 4000 ᠭᠠᠷᠤᠶ ᠲᠥᠭᠥᠷᠢᠭ ᠵᠣᠭᠣᠰ ᠣᠯᠵᠣ ᠂ ᠴᠡᠪᠡᠷ ᠣᠷᠣᠯᠭ᠎ᠠ 3500 ᠣᠯᠵᠤ ᠪᠠᠶᠢᠨ᠎ᠠ ᠃

       ᠠᠳᠠᠯᠢᠬᠠᠨ ᠢᠶᠠᠷ ᠠᠵᠤ ᠠᠬᠤᠢ ᠶ᠋ᠢᠨ ᠣᠢ ᠰᠢᠭᠤᠶ ᠶ᠋ᠢᠨ ᠪᠦᠲᠦᠭᠡᠨ ᠪᠠᠶᠢᠭᠤᠯᠤᠯᠲᠠ ᠶ᠋ᠢ ᠬᠥᠭᠵᠢᠭᠦᠯᠵᠦ ᠪᠠᠶᠢᠭ᠎ᠠ ᠰᠢᠷᠠᠬᠣᠭᠣᠯᠠᠢ ᠪᠠᠯᠭᠠᠰᠤ ᠲᠣᠬᠠᠢ ᠶ᠋ᠢᠨ ᠣᠷᠣᠨ ‍ᠤ ᠪᠠᠶᠢᠳᠠᠯ ᠳ᠋ᠠᠭᠠᠨ ᠲᠤᠬᠢᠷᠠᠭᠤᠯᠤᠨ ᠂ ᠳᠣᠰᠣᠯᠢᠭ ᠭᠦᠢᠯᠡᠰᠦ ᠶ᠋ᠢᠨ ᠡᠨᠡ ᠬᠦ ᠲᠠᠷᠢᠶᠠᠯᠠᠩ ‍ᠤᠨ ᠠᠵᠤ ᠦᠢᠯᠡᠰ ‍ᠢ ᠬᠥᠭᠵᠢᠭᠦᠯᠪᠡ ᠃ 2017 ᠣᠨ ᠤ ᠡᠬᠢ ᠪᠡᠷ ᠂ ᠮᠸᠩ ᠵᠧᠨ ᠯᠢᠨ ᠦᠶ᠋ᠯᠡᠳᠬᠦᠨ ‍ᠦ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ‍ᠦᠨ ᠬᠢᠵᠠᠭᠠᠷᠲᠤ ᠺᠣᠮᠫᠠᠨᠢ ᠰᠢᠷᠠᠬᠣᠭᠣᠯᠠᠢ ᠪᠠᠯᠭᠠᠰᠤᠨ ᠳ᠋ᠤ ᠪᠠᠶᠢᠭᠣᠯᠣᠭᠳᠠᠵᠣ ᠂ 2017 ᠣᠨ ᠤ 5 ᠰᠠᠷ᠎ᠠ ᠳ᠋ᠤ ᠂ ᠺᠣᠮᠫᠠᠨᠢ ᠡᠴᠡ ᠬᠥᠬᠡ ᠭᠠᠴᠠᠭ᠎ᠠ ᠳ᠋ᠤ 50 ᠮᠦ 1200 ᠰᠠᠭᠤᠷᠢ ᠥᠨᠳᠥᠷ ᠵᠠᠯᠭᠠᠯᠲᠠ ᠶ᠋ᠢᠨ ᠲᠤᠷᠰᠢᠯᠲᠠ ᠶ᠋ᠢᠨ ᠵᠢᠱᠢᠶ᠎ᠡ ᠦᠵᠡᠭᠦᠯᠭᠡ ᠬᠢᠵᠦ ᠠᠮᠵᠢᠯᠳᠠ ᠣᠯᠣᠭᠠᠳ ᠂ ᠲᠣᠰ ᠵᠢᠯ ‍ᠦᠨ 9 ᠰᠠᠷ᠎ᠠ ᠳ᠋ᠤ 200 ᠮᠦ ᠳᠠᠯᠠᠪᠠᠢ ᠲᠠᠢ ᠂ 300 ᠲᠦᠮᠡᠨ ᠲᠥᠭᠥᠷᠢᠭ ‍ᠦᠨ ᠪᠡᠯᠡ ᠣᠷᠣᠭᠤᠯᠤᠭᠰᠠᠨ ᠳᠣᠰᠣᠯᠢᠭ ᠬᠦᠢᠯᠡᠰᠦ ᠶ᠋ᠢᠨ ᠴᠢᠬᠢ ᠪᠣᠶᠢᠵᠢᠭᠤᠯᠬᠤ ᠰᠠᠭᠤᠷᠢᠨ ᠭᠠᠵᠠᠷ ‍ᠢ ᠠᠰᠢᠭᠯᠠᠯᠲᠠ ᠳ᠋ᠤ ᠣᠷᠣᠭᠤᠯᠪᠠ ᠃ 2018 ᠣᠨ ᠳ᠋ᠤ ᠪᠦᠬᠦ ᠪᠠᠯᠭᠠᠰᠤ ᠪᠠᠷ ᠢᠶᠡᠨ ᠶᠡᠬᠡ ᠬᠡᠪᠴᠢᠶᠡᠨ ‍ᠦ ᠭᠦᠢᠯᠡᠰᠦᠨ ᠮᠣᠳᠣ ᠲᠠᠷᠢᠵᠤ ᠣᠶᠢᠵᠢᠭᠣᠯᠣᠨ ᠂ ᠡᠭᠦᠨ ᠳ᠋ᠦ 12000 ᠮᠦ ᠬᠡᠭᠡᠷ᠎ᠡ ᠶ᠋ᠢᠨ ᠭᠦᠢᠯᠡᠰᠦ ᠂ 11541 ᠮᠦ ᠳᠣᠰᠣᠯᠢᠭ ᠬᠦᠢᠯᠡᠰᠦ ᠲᠠᠷᠢᠵᠤ ᠂ 800 ᠮᠦ ᠬᠡᠭᠡᠷ᠎ᠡ ᠶ᠋ᠢᠨ ᠭᠦᠢᠯᠡᠰᠦ ᠶ᠋ᠢᠨ ᠥᠨᠳᠥᠷ ᠵᠠᠯᠭᠠᠯᠲᠠ ᠶ᠋ᠢ ᠪᠡᠶᠡᠯᠡᠭᠦᠯᠵᠦ ᠂ ᠡᠭᠦᠨ ‍ᠦ ᠳᠡᠭᠡᠷ᠎ᠡ ᠪᠠᠯᠭᠠᠰᠤᠨ ‍ᠤ ᠬᠡᠪᠴᠢᠶᠡᠨ ᠳ᠋ᠦ 7000 ᠮᠦ ᠬᠡᠭᠡᠷ᠎ᠡ ᠶ᠋ᠢᠨ ᠭᠦᠢᠯᠡᠰᠦ ᠶ᠋ᠢᠨ ᠮᠣᠳᠣ ᠶ᠋ᠢ ᠲᠠᠷᠢᠵᠤ ᠂ ᠪᠦᠬᠦ ᠪᠠᠯᠭᠠᠰᠤᠨ ‍ᠤ ᠭᠦᠢᠯᠡᠰᠦᠨ ᠮᠣᠳᠣᠨ ‍ᠤ ᠬᠠᠳᠠᠭᠠᠯᠠᠬᠤ ᠲᠠᠯᠠᠪᠠᠢ 31000 ᠮᠦ ᠡᠴᠡ ᠳᠡᠭᠡᠭᠰᠢ ᠪᠣᠯᠵᠤ ᠂ ᠳᠣᠰᠣᠯᠢᠭ ᠬᠦᠢᠯᠡᠰᠦ ᠶ᠋ᠢᠨ ᠮᠣᠳᠣᠨ ‍ᠤ ᠠᠵᠤ ᠦᠢᠯᠡᠰ ‍ᠦᠨ ᠬᠥᠭᠵᠢᠯᠲᠡ ᠳ᠋ᠦ ᠰᠠᠶᠢᠨ ᠰᠠᠭᠤᠷᠢ ᠲᠠᠯᠪᠢᠵᠤ ᠦᠭᠭᠦᠭᠰᠡᠨ ᠪᠠᠶᠢᠨ᠎ᠠ ᠃

      ᠪᠦᠷᠢᠳᠬᠡᠯ ‍ᠢ ᠦᠨᠳᠦᠰᠦᠯᠡᠪᠡᠯ ᠂ 2019 ᠣᠨ ᠳ᠋ᠤ ᠪᠥᠬᠥ ᠬᠣᠰᠢᠭᠤᠨ ‍ᠤ ᠰᠢᠨ᠎ᠡ ᠪᠡᠷ ᠨᠡᠮᠡᠭᠳᠡᠭᠰᠡᠨ ᠵᠢᠮᠢᠰ ‍ᠦᠨ ᠮᠣᠳᠣᠨ ‍ᠤ ᠲᠠᠯᠠᠪᠠᠢ 5.8 ᠲᠦᠮᠡᠨ ᠮᠣ ᠪᠠᠶᠢᠵᠤ ᠂ ᠭᠣᠤᠯ ᠪᠣᠯᠬᠤ ᠡᠭᠦᠯᠳᠡᠷ ᠨᠢ ᠠᠭᠠᠯᠢᠭ ᠠᠯᠢᠮ᠎ᠠ ᠂ ᠬᠠᠪᠲᠠᠭᠠᠶ ᠭᠦᠢᠯᠡᠰᠦ ᠵᠡᠷᠭᠡ ᠪᠠᠶᠢᠵᠤ ᠂ ᠮᠡᠷᠭᠡᠵᠢᠯ ‍ᠦᠨ ᠵᠢᠯᠣᠭᠣᠳᠤᠯᠭ᠎ᠠ ᠲᠠᠷᠢᠶᠠᠨ ᠭᠠᠵᠠᠷ ᠲᠤ ᠣᠷᠣᠬᠤ ᠶ᠋ᠢ ᠪᠠᠲᠤᠯᠠᠬᠤ ᠶ᠋ᠢᠨ ᠲᠥᠯᠥᠭᠡ ᠂ 3 ᠰᠠᠷ᠎ᠠ ᠶ᠋ᠢᠨ ᠡᠬᠢᠨ ᠡᠴᠡ ᠂ ᠮᠡᠷᠭᠡᠵᠢᠯ ‍ᠦᠨ ᠠᠵᠢᠯᠲᠠᠨ ᠬᠥᠳᠡᠭᠡ ᠪᠠᠭᠤᠵᠤ ᠵᠢᠮᠢᠰ ‍ᠦᠨ ᠮᠣᠳᠣᠨ ‍ᠤ ᠠᠳᠠᠯᠢ ᠪᠤᠰᠤ ᠤᠯᠠᠷᠢᠯ ᠳ᠋ᠤ ᠴᠢᠭᠯᠡᠭᠦᠯᠦᠭᠰᠡᠨ ᠲᠠᠷᠢᠵᠤ ᠪᠣᠶᠢᠵᠢᠭᠤᠯᠬᠤ ᠬᠠᠮᠢᠶᠠᠷᠤᠯᠲᠠ ᠶ᠋ᠢᠨ ᠮᠡᠷᠭᠡᠵᠢᠯ ‍ᠢ ᠡᠬᠢᠯᠡᠨ ᠬᠡᠷᠡᠭᠵᠢᠭᠦᠯᠵᠦ ᠂ ᠲᠣᠭᠲᠠᠭᠠᠭᠰᠠᠨ ᠭᠣᠤᠯᠳᠠᠯᠭ᠎ᠠ ᠲᠠᠶ ᠵᠢᠱᠢᠶ᠎ᠡ ᠦᠵᠡᠭᠦᠯᠬᠦ ᠡᠷᠦᠬᠡ ᠪᠡᠷ ᠭᠣᠤᠯᠳᠠᠯᠭ᠎ᠠ ᠪᠣᠯᠭᠠᠨ ᠂ ᠵᠢᠮᠢᠰ ‍ᠦᠨ ᠬᠦᠷᠢᠶᠡᠯᠡᠩ ᠳ᠋ᠦ ᠬᠦᠷᠴᠦ ᠮᠡᠷᠭᠡᠵᠢᠯ ‍ᠦᠨ ᠵᠢᠯᠣᠭᠣᠳᠤᠯᠭ᠎ᠠ ᠬᠢᠭᠰᠡᠨ ᠪᠠᠶᠢᠨ᠎ᠠ ᠃ ᠬᠣᠰᠢᠭᠣᠨ ᠤ ᠣᠢ ᠰᠢᠭᠤᠶ ᠡᠪᠡᠰᠦ ᠪᠡᠯᠴᠢᠭᠡᠷ ‍ᠦᠨ ᠲᠣᠪᠴᠢᠶ᠎ᠠ ᠵᠡᠷᠭᠡ ᠬᠠᠮᠢᠶ᠎ᠠ ᠪᠦᠬᠦᠢ ᠰᠠᠯᠠᠭ᠎ᠠ ᠮᠥᠴᠢᠷ ᠪᠠᠰᠠ ᠵᠢᠮᠢᠰ ‍ᠦᠨ ᠮᠣᠳᠣᠨ ‍ᠤ ᠮᠡᠷᠭᠡᠵᠢᠯ ‍ᠦᠨ ᠴᠢᠳᠠᠪᠤᠷᠢᠲᠠᠨ ‍ᠢ ᠵᠣᠬᠢᠶᠠᠨ ᠪᠠᠶᠢᠭᠣᠯᠣᠨ ᠬᠥᠮᠦᠵᠢᠭᠦᠯᠵᠦ ᠂ ᠣᠳᠣᠬᠠᠨ ᠳ᠋ᠤ ᠨᠢᠭᠡᠨᠲᠡ 500 ᠭᠠᠷᠤᠶ ᠬᠥᠮᠦᠨ ᠤᠳᠠᠭ᠎ᠠ ᠳ᠋ᠥ ᠡᠯ᠎ᠡ ᠵᠦᠶ᠋ᠯ ‍ᠦᠨ ᠬᠡᠯᠪᠡᠷᠢ ᠶ᠋ᠢᠨ ᠪᠣᠯᠪᠠᠰᠣᠷᠠᠯ ᠬᠢᠭᠰᠡᠨ ᠪᠠᠶᠢᠨ᠎ᠠ ᠃ ᠠᠷᠠᠳ ‍ᠤᠨ ᠠᠮᠢᠳᠤᠷᠠᠯ ‍ᠤᠨ ᠣᠢ ᠰᠢᠭᠤᠶ ᠶ᠋ᠢᠨ ᠦᠢᠯᠡᠰ ‍ᠢ ᠶᠡᠬᠡᠪᠡᠷ ᠬᠥᠭᠵᠢᠭᠦᠯᠵᠦ ᠂ ᠠᠵᠤ ᠠᠬᠤᠢ ᠶ᠋ᠢᠨ ᠤᠢ ᠶ᠋ᠢᠨ ᠰᠠᠭᠤᠷᠢᠨ ᠭᠠᠵᠠᠷ ‍ᠤᠨ ᠬᠡᠪᠴᠢᠶ᠎ᠡ ᠶ᠋ᠢ ᠥᠷᠭᠡᠳᠬᠡᠬᠦ ᠂ ᠶᠠᠰᠤ ᠴᠢᠨᠠᠷ ‍ᠢ ᠳᠡᠭᠡᠭᠰᠢᠯᠡᠭᠦᠯᠬᠦ ᠂ ᠦᠷ᠎ᠡ ᠠᠰᠢᠭ ‍ᠢ ᠨᠡᠮᠡᠭᠳᠡᠭᠦᠯᠬᠦ ᠶ᠋ᠢ ᠦᠷᠭᠦᠯᠵᠢᠯᠡᠨ ᠲᠦᠯᠬᠢᠨ ᠠᠬᠢᠭᠣᠯᠵᠣ ᠂ ᠣᠢ ᠰᠢᠭᠤᠶ ᠶ᠋ᠢᠨ ᠲᠠᠷᠢᠶᠠᠴᠢᠳ ‍ᠤᠨ ᠣᠷᠣᠯᠭ᠎ᠠ ᠶ᠋ᠢ ᠨᠡᠮᠡᠭᠳᠡᠭᠦᠯᠬᠦ ᠠᠯᠬᠤᠴᠠ ᠶ᠋ᠢ ᠲᠦᠷᠭᠡᠳᠬᠡᠬᠦ ᠳ᠋ᠦ ᠨᠠᠩ ᠪᠠᠲᠤ ᠪᠡᠬᠢ ᠰᠠᠭᠤᠷᠢ ᠶ᠋ᠢ ᠲᠠᠯᠪᠢᠭᠰᠡᠨ ᠪᠠᠶᠢᠨ᠎ᠠ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ