ᠰᠢᠷᠠᠬᠣᠭᠣᠯᠠᠢ ᠪᠠᠯᠭᠠᠰᠤ ᠶ᠋ᠢᠨ ᠬᠡᠭᠡᠷ᠎ᠡ ᠶ᠋ᠢᠨ ᠵᠢᠮᠢᠰ ᠪᠠᠶᠠᠵᠢᠯ ‍ᠤᠨ ᠠᠯᠲᠠᠨ ᠪᠣᠷᠴᠠᠭ ᠪᠣᠯᠣᠭᠰᠠᠨ

ᠣᠩᠰᠢᠭᠰᠠᠨ ᠤᠳᠠᠭ᠎ᠠ ᠄ 3472     ᠨᠡᠶᠢᠳᠡᠯᠡᠭᠰᠡᠨ ᠴᠠᠭ ᠄ 2019/7/19 11:53:31

  
       ᠰᠢᠷᠠᠬᠣᠭᠣᠯᠠᠢ ᠪᠠᠯᠭᠠᠰᠤ ᠳᠠᠷᠢᠮᠠᠯ ‍ᠤᠨ ᠬᠡᠪᠴᠢᠶ᠎ᠡ ᠪᠡᠨ ᠲᠠᠰᠤᠷᠠᠯᠲᠠ ᠥᠬᠡᠶ ᠥᠷᠭᠡᠳᠬᠡᠵᠦ ᠂ ᠠᠵᠤ ᠦᠢᠯᠡᠰ ‍ᠦᠨ ᠳᠡᠰ ᠳᠠᠪᠬᠤᠷᠭ᠎ᠠ ᠪᠠᠨ ᠳᠡᠭᠡᠭᠰᠢᠯᠡᠭᠦᠯᠦᠨ ᠂ ᠠᠮᠢ ᠠᠬᠤᠢ ᠨᠢ ᠰᠠᠶᠢᠵᠢᠷᠠᠬᠣ ᠶ᠋ᠢᠨ ᠬᠠᠮᠳᠣ ᠣᠷᠣᠯᠭ᠎ᠠ ᠨᠢ ᠴᠦ ᠨᠡᠮᠡᠭᠳᠡᠭᠰᠡᠨ ᠪᠠᠶᠢᠨ᠎ᠠ ᠃

        ᠰᠤᠷᠪᠤᠯᠵᠢᠯᠠᠭᠴᠢ ᠯᠦ ᠬᠦᠶ ᠼᠠᠢ ‍ᠢᠢᠨ 《 ᠧᠦ᠋ᠷᠣᠫᠠ ᠤᠯᠠᠭᠠᠨ ᠭᠦᠢᠯᠡᠰᠦ 》 ᠳᠣᠷᠰᠢᠨ ᠳᠠᠷᠢᠬᠣ ᠶᠡᠬᠡ ᠫᠸᠩ ᠳ᠋ᠥ ᠬᠦᠷᠬᠦ ᠳ᠋ᠤ ᠂ ᠫᠸᠩ ᠲᠦᠭᠦᠷᠡᠩ ᠤᠯᠠᠭᠠᠨ ᠂ ᠰᠢᠷ᠎ᠠ ᠂ ᠨᠣᠭᠣᠭᠠᠨ ᠦᠩᠭᠡ ᠶ᠋ᠢᠨ 《 ᠧᠦ᠋ᠷᠣᠫᠠ ᠤᠯᠠᠭᠠᠨ ᠭᠦᠢᠯᠡᠰᠦ 》 ᠨᠢ ᠬᠠᠷᠠᠭᠠᠨ ᠳ᠋ᠦ ᠲᠣᠳᠣᠷᠠᠨ᠎ᠠ ᠃ ᠯᠦ ᠬᠦᠶ ᠼᠠᠢ ᠶ᠋ᠢᠨ ᠳᠠᠨᠢᠯᠴᠠᠭᠣᠯᠬᠣ ᠪᠠᠷ ᠵᠢᠯ ᠪᠦᠷᠢ ᠶ᠋ᠢᠨ 7 ᠰᠠᠷ᠎ᠠ ᠶ᠋ᠢᠨ ᠳᠤᠮᠳᠠᠴᠢ ᠡᠴᠠ 9 ᠰᠠᠷ᠎ᠠ ᠶ᠋ᠢᠨ ᠳᠤᠮᠳᠠᠴᠢ ᠪᠣᠯᠳᠠᠯ᠎ᠠ ᠂ ᠵᠢᠮᠢᠰ ‍ᠦᠨ ᠲᠥᠷᠥᠯ ‍ᠦᠨ ᠬᠣᠭᠣᠰᠣᠨ ᠬᠤᠭᠤᠴᠠᠭ᠎ᠠ ᠪᠠᠶᠢᠵᠣ ᠂ ᠮᠦᠨᠴᠣ ᠡᠨᠡᠬᠦ ᠬᠣᠭᠣᠴᠠᠭᠠᠨ ᠳ᠋ᠥ 《 ᠧᠦ᠋ᠷᠣᠫᠠ ᠤᠯᠠᠭᠠᠨ ᠭᠦᠢᠯᠡᠰᠦ 》 ᠶ᠋ᠢᠨ ᠬᠡᠰᠡᠭ ᠲᠥᠷᠥᠯ ᠵᠦᠶ᠋ᠯ ᠪᠣᠯᠪᠠᠰᠣᠷᠠᠬᠣ ᠬᠤᠭᠤᠴᠠᠭ᠎ᠠ ᠳ᠋ᠥ ᠣᠷᠣᠵᠣ ᠂ ᠡᠭᠦᠨ ‍ᠦ ᠳᠡᠭᠡᠷ᠎ᠡ ᠲᠡᠭᠦᠨ ‍ᠦ ᠣᠨᠴᠠᠭᠠᠢ ᠠᠮᠲᠠ ᠰᠢᠮᠲᠠ ᠪᠠ ᠡᠯᠪᠡᠭ ᠪᠠᠶᠠᠯᠢᠭ ᠰᠢᠮ᠎ᠡ ᠲᠡᠵᠢᠭᠡᠯ ᠤᠨ ᠦᠨ᠎ᠡ ᠥᠷᠲᠡᠭ ‍ᠢ ᠨᠡᠮᠡᠪᠡᠯ ᠂ ᠠᠰᠢᠭ ᠬᠣᠨᠵᠢᠪᠣᠷᠢ ᠨᠡᠩ ᠶᠡᠭᠡ ᠪᠠᠶᠢᠵᠣ ᠂ 《 ᠧᠦ᠋ᠷᠣᠫᠠ ᠤᠯᠠᠭᠠᠨ ᠭᠦᠢᠯᠡᠰᠦ 》 ᠶ᠋ᠢᠨ ᠠᠵᠢᠯ ᠦᠢᠯᠡᠰ ‍ᠢ ᠬᠦᠭᠵᠢᠬᠦᠯᠬᠦ ᠳ᠋ᠥ ᠢᠳᠡᠬᠡᠯ ᠲᠦᠬᠦᠷᠡᠩ ᠪᠠᠶᠢᠨ᠎ᠠ  ᠃ ᠰᠢᠷᠠᠬᠣᠭᠣᠯᠠᠢ ᠪᠠᠯᠭᠠᠰᠤᠨ ‍ᠤ ᠵᠡᠭᠦᠨ ᠰᠢᠷᠠᠬᠣᠭᠣᠯᠠᠢ ᠲᠣᠰᠬᠣᠨ ᠯᠦ ᠬᠦᠶ ᠼᠠᠢ ᠄ ᠣᠳᠣᠬᠠᠨ ᠤ ᠡᠨᠡᠬᠦ ᠪᠠᠶᠢᠳᠠᠯ ᠡᠴᠡ ᠦᠵᠡᠪᠡᠯ ᠢᠷᠡᠬᠡᠳᠦᠢ ᠶᠡᠬᠡ ᠰᠠᠶᠢᠨ ᠪᠠᠶᠢᠨ᠎ᠠ ᠂ ᠶᠠᠭᠠᠬᠢᠭᠠᠳ ᠭᠡᠪᠡᠯ ᠂ ᠪᠦᠬᠦ ᠤᠯᠤᠰ ᠲᠤ ᠡᠭᠦᠨ ‍ᠢ ᠬᠢᠵᠦ ᠪᠠᠶᠢᠭ᠎ᠠ ᠬᠥᠮᠦᠨ ᠲᠤᠩ ᠴᠥᠭᠡᠨ ᠂ ᠮᠡᠳᠡᠬᠦ ᠬᠥᠮᠦᠨ ᠪᠠᠭ᠎ᠠ ᠂ ᠢᠳᠡᠵᠦ ᠥᠩᠭᠡᠷᠡᠭᠰᠡᠨ ᠬᠥᠮᠦᠨ ᠴᠦ ᠨᠠᠩ ᠴᠥᠭᠡᠨ ᠂ ᠬᠥᠮᠦᠰ ᠨᠢᠭᠡ ᠵᠦᠶ᠋ᠯ ‍ᠦᠨ ᠰᠣᠨᠢᠭᠤᠴᠢ ᠰᠡᠳᠬᠢᠯ ᠡᠴᠡ ᠲᠡᠭᠦᠬᠦ ᠪᠡᠷ ᠢᠷᠡᠵᠦ ᠪᠣᠯᠤᠨ᠎ᠠ ᠂ ᠳᠡᠬᠡᠬᠡᠳ ᠢᠳᠡᠵᠦ ᠦᠩᠬᠡᠷᠡᠭᠰᠡᠨ ᠤ ᠳᠠᠷᠠᠭ᠎ᠠ ᠬᠦᠮᠦᠰ ᠡᠨᠡ ᠶᠠᠭᠤᠮ᠎ᠠ ᠶ᠋ᠢ ᠮᠡᠳᠡᠷᠡᠭᠡᠳ ᠳᠡᠯᠭᠡᠷᠡᠭᠦᠯᠵᠦ ᠮᠡᠳᠡᠨ᠎ᠡ ᠃

        ᠯᠦ ᠬᠦᠶ ᠼᠠᠢ ᠨᠢᠭᠡ ᠲᠠᠯ᠎ᠠ ᠪᠠᠷ 《 ᠧᠦ᠋ᠷᠣᠫᠠ ᠤᠯᠠᠭᠠᠨ ᠭᠦᠢᠯᠡᠰᠦ 》 ᠶ᠋ᠢᠨ ᠡᠯᠭᠦᠭᠦᠷ ‍ᠢ ᠲᠦᠰᠢᠵᠦ ᠂ ᠨᠥᠭᠥᠭᠡ ᠲᠠᠯ᠎ᠠ ᠪᠠᠷ ᠳᠠᠨᠢᠯᠴᠠᠭᠣᠯᠣᠨ ᠂ 《 ᠧᠦ᠋ᠷᠣᠫᠠ ᠤᠯᠠᠭᠠᠨ ᠭᠦᠢᠯᠡᠰᠦ 》 ᠪᠣᠯ ᠥᠩᠭᠡᠷᠡᠭᠡᠭᠰᠡᠨ ᠳ᠋ᠦ ᠠᠭᠤᠯᠠᠨ ᠳᠡᠭᠡᠷ᠎ᠡ ᠣᠷᠭᠣᠭᠰᠠᠨ ᠨᠢᠭᠡ ᠵᠦᠶ᠋ᠯ ‍ᠦᠨ ᠵᠢᠵᠢᠭ ᠬᠡᠭᠡᠷ᠎ᠡ ᠶ᠋ᠢᠨ ᠵᠢᠮᠢᠰ ᠪᠠᠶᠢᠵᠤ ᠂ ᠮᠡᠳᠡᠬᠦ ᠬᠥᠮᠦᠨ ᠮᠠᠰᠢ ᠴᠥᠭᠡᠨ ᠪᠠᠶᠢᠵᠠᠶ ᠃ ᠵᠢᠮᠢᠰ ᠨᠢ ᠪᠣᠯᠪᠠᠰᠤᠷᠠᠭᠰᠠᠨ ‍ᠤ ᠳᠠᠷᠠᠭ᠎ᠠ ᠤᠯᠠᠭᠠᠨ ᠭᠦᠢᠯᠡᠰᠦ ᠰᠢᠭ ᠪᠠᠶᠢᠵᠣ ᠂ ᠵᠢᠮᠢᠰ ‍ᠦᠨ ᠠᠩᠬᠢᠯᠤᠮ᠎ᠠ ᠦᠨᠦᠷ ᠨᠢ ᠥᠳᠬᠡᠨ ᠂ ᠠᠮᠲᠠ ᠰᠢᠮᠲᠠ ᠰᠠᠶᠢᠲᠠᠶ ᠂ ᠵᠢᠮᠢᠰ ᠲᠡᠭᠦᠬᠦ ᠬᠤᠭᠤᠴᠠᠭ᠎ᠠ ᠨᠢ ᠵᠢᠯ ᠪᠦᠷᠢ ᠶ᠋ᠢᠨ 5 ᠳ᠋ᠤᠭᠠᠷ ᠰᠠᠷ᠎ᠠ ᠡᠴᠠ 9 ᠳ᠋ᠦ᠋ᠬᠡᠷ ᠰᠠᠷ᠎ᠠ ᠪᠣᠯᠤᠨ᠎ᠠ ᠃ ᠰᠢᠷᠠᠬᠣᠭᠣᠯᠠᠢ ᠪᠠᠯᠭᠠᠰᠤᠨ ‍ᠤ ᠵᠡᠭᠦᠨ ᠰᠢᠷᠠᠬᠣᠭᠣᠯᠠᠢ ᠲᠣᠰᠬᠣᠨ ᠯᠦ ᠬᠦᠶ ᠼᠠᠢ ᠄ ᠡᠨᠡᠬᠦ ᠵᠢᠮᠢᠰ ᠨᠢ ᠮᠠᠨ ‍ᠤ ᠡᠨᠡ ᠭᠠᠵᠠᠷ ᠣᠷᠣᠨ ᠳ᠋ᠤ ᠵᠣᠬᠢᠴᠠᠵᠤ ᠂ ᠮᠠᠨ ‍ᠤ ᠡᠨᠡ ᠬᠦ ᠠᠭᠤᠷ ᠠᠮᠢᠰᠬᠤᠯ ᠂  ᠬᠥᠷᠥᠰᠥ ᠰᠢᠷᠣᠶ ᠳ᠋ᠤ ᠵᠣᠬᠢᠴᠠᠵᠤ ᠂ ᠲᠡᠭᠦᠬᠦ ᠬᠦᠷᠢᠶᠡᠯᠡᠩ ᠪᠠᠶᠢᠭᠤᠯᠬᠤ ᠪᠣᠯ ᠬᠠᠮᠤᠭ ᠠᠩᠬᠠᠨ ‍ᠤ ᠪᠣᠳᠣᠯ ᠪᠣᠯᠤᠨ᠎ᠠ ᠂ ᠣᠳᠣᠬᠠᠨ ᠳ᠋ᠥ ᠠᠯᠬᠤᠮ ᠠᠯᠬᠤᠮ ᠢᠶᠠᠷ ᠲᠤᠷᠰᠢᠵᠤ ᠂ ᠳᠠᠬᠢᠨ ᠡᠳᠡᠭᠡᠷ ᠲᠣᠭ᠎ᠠ ᠪᠠᠷᠢᠮᠲᠠ ᠶ᠋ᠢ ᠣᠯᠵᠤ ᠪᠠᠶᠢᠨ᠎ᠠ ᠃

     ᠣᠳᠣᠬᠠᠨ ᠳ᠋ᠤ ᠯᠦ ᠬᠦᠶ ᠼᠠᠢ 9 《 ᠧᠦ᠋ᠷᠣᠫᠠ ᠣᠯᠠᠭᠠᠨ ᠭᠦᠢᠯᠡᠰᠦ 》 ᠶ᠋ᠢᠨ ᠡᠭᠦᠯᠳᠡᠷ ‍ᠢ ᠣᠷᠣᠭᠤᠯᠵᠤ ᠂ 《 ᠧᠦ᠋ᠷᠣᠫᠠ ᠣᠯᠠᠭᠠᠨ ᠭᠦᠢᠯᠡᠰᠦ 》 ᠪᠣᠯ ᠪᠣᠳᠠ ᠰᠥᠭᠡᠭ ᠮᠣᠳᠣᠨ ᠳ᠋ᠤ ᠪᠠᠭᠲᠠᠨ᠎ᠠ ᠂ ᠲᠠᠷᠠᠭᠠᠴᠢ ᠶ᠋ᠢᠨ ᠠᠯᠬᠤᠮ ᠳ᠋ᠤ ᠲᠡᠷᠡ ᠥᠪᠡᠷ ‍ᠦᠨ 45 ᠮᠦ ᠵᠢᠮᠢᠰ ‍ᠢᠶ᠋ᠡᠨ ᠣᠢ ᠳᠣᠲᠣᠷ᠎ᠠ ᠪᠠᠨ ᠪᠦᠬᠦᠨ ‍ᠢ 《 ᠧᠦ᠋ᠷᠣᠫᠠ ᠣᠯᠠᠭᠠᠨ ᠭᠦᠢᠯᠡᠰᠦ 》 ᠳᠠᠪᠬᠣᠷᠯᠠᠨ ᠲᠠᠷᠢᠵᠤ ᠂ ᠵᠠᠬ᠎ᠠ ᠳᠡᠯᠭᠡᠭᠦᠷ ‍ᠦᠨ ᠬᠠᠮᠤᠭ ‍ᠤᠨ ᠥᠨᠳᠥᠷ ᠦᠨ᠎ᠡ ᠪᠡᠷ 10 ᠲᠥᠭᠥᠷᠢᠭ ᠢᠶᠠᠷ ᠪᠤᠴᠠᠭᠠᠨ ᠬᠤᠷᠢᠶᠠᠵᠤ ᠂ ᠮᠦ ᠶ᠋ᠢᠨ ᠣᠨᠠᠯᠳᠠ 3000 ᠵᠢᠩ ᠪᠠᠶᠢᠪᠠᠯ ᠂ ᠥᠪᠡᠷ ‍ᠦᠨ ᠥᠷᠲᠡᠭ ‍ᠦᠨ ᠵᠠᠷᠤᠳᠠᠯ ᠢᠶᠡᠨ ᠬᠠᠰᠣᠵᠣ ᠂ ᠴᠡᠪᠡᠷ ᠣᠷᠣᠯᠭ᠎ᠠ ᠪᠠᠨ 12000 ᠲᠥᠭᠥᠷᠢᠭ ᠪᠣᠯᠭᠠᠬᠤ ᠪᠠᠷ ᠲᠥᠯᠥᠪᠯᠡᠵᠦ ᠪᠣᠶ ᠃ ᠬᠡᠷᠪᠡ ᠲᠤᠬᠠᠶ ᠶ᠋ᠢᠨ ᠲᠠᠯᠠᠪᠠᠢ ᠳ᠋ᠤ ᠳᠡᠬᠦᠪᠡᠯ ᠵᠢᠩ ᠳ᠋ᠡᠭᠡᠨ 50 ᠲᠥᠭᠥᠷᠢᠭ ᠬᠦᠷᠬᠦ ᠪᠣᠯᠣᠨ᠎ᠠ ᠃ ᠯᠦ ᠬᠦᠶ ᠼᠠᠢ 《 ᠧᠦ᠋ᠷᠣᠫᠠ ᠣᠯᠠᠭᠠᠨ ᠭᠦᠢᠯᠡᠰᠦ 》 ᠶ᠋ᠢᠨ ᠴᠢᠬᠢ ᠮᠣᠳᠣ ᠶ᠋ᠢ ᠪᠣᠶᠢᠵᠢᠭᠤᠯᠬᠤ ᠪᠠᠷ ᠳᠠᠮᠵᠢᠨ ᠂ ᠣᠶᠢᠷ᠎ᠠ ᠬᠠᠪᠢ ᠶ᠋ᠢᠨ ᠠᠷᠠᠳ ᠲᠦᠮᠡᠨ ‍ᠢ ᠳᠠᠶᠢᠴᠢᠯᠠᠨ 《 ᠧᠦ᠋ᠷᠣᠫᠠ ᠣᠯᠠᠭᠠᠨ ᠭᠦᠢᠯᠡᠰᠦ 》 ᠲᠠᠷᠢᠵᠤ ᠴᠢᠳᠠᠬᠤ ᠪᠣᠯᠭᠠᠵᠤ ᠂ ᠲᠣᠰᠬᠣᠨ ᠳ᠋ᠤ 《 ᠧᠦ᠋ᠷᠣᠫᠠ ᠣᠯᠠᠭᠠᠨ ᠭᠦᠢᠯᠡᠰᠦ 》 ᠶ᠋ᠢᠨ ᠬᠥᠳᠡᠭᠡ ᠲᠣᠰᠬᠣᠨ ‍ᠤ ᠲᠠᠷᠢᠮᠠᠯ ‍ᠤᠨ ᠪᠡᠶᠡᠴᠢᠯᠡᠨ ᠣᠶᠢᠯᠠᠭᠠᠬᠤ ᠬᠦᠷᠢᠶᠡᠯᠡᠩ ‍ᠢ ᠪᠠᠶᠢᠭᠣᠯᠵᠣ ᠂ ᠰᠢᠷᠠᠬᠣᠭᠣᠯᠠᠢ ᠪᠠᠯᠭᠠᠰᠤ ᠶ᠋ᠢ ᠧᠦ᠋ᠷᠣᠫᠠ ᠣᠯᠠᠭᠠᠨ ᠭᠦᠢᠯᠡᠰᠦ ᠶ᠋ᠢᠨ ᠨᠣᠳᠣᠭ ᠪᠣᠯᠭᠠᠵᠤ ᠂ ᠥᠩᠭᠡᠷᠡᠭᠡᠭᠰᠡᠨ ᠤ ᠲᠠᠯ᠎ᠠ ᠳᠦᠭᠦᠷᠡᠩ ᠵᠢᠵᠢᠭ ᠬᠡᠭᠡᠷ᠎ᠡ ᠶ᠋ᠢᠨ ᠵᠢᠮᠢᠰ ‍ᠢ ᠠᠷᠠᠳ ᠲᠦᠮᠡᠨ ᠤ ᠪᠠᠶᠠᠵᠢᠨ ᠴᠢᠨᠡᠭᠡᠯᠢᠭᠵᠢᠬᠦ ᠵᠣᠯ ᠵᠢᠷᠭᠠᠯᠲᠤ ᠵᠢᠮᠢᠰ ᠪᠣᠯᠭᠠᠬᠤ ᠪᠠᠷ ᠲᠥᠯᠥᠪᠯᠡᠵᠦ ᠪᠠᠶᠢᠨ᠎ᠠ ᠃

       ᠰᠢᠷᠠᠬᠣᠭᠣᠯᠠᠢ ᠪᠠᠯᠭᠠᠰᠤᠨ ‍ᠤ ᠣᠢ ᠵᠢᠮᠢᠰ ‍ᠤᠨ ᠳᠠᠷᠢᠮᠠᠯ ᠪᠣᠯ ᠤᠤᠯ ᠡᠴᠠ ᠪᠠᠨ ᠲᠠᠷᠢᠶᠠᠴᠢᠳ ‍ᠤᠨ ᠣᠷᠣᠯᠭ᠎ᠠ ᠪᠠᠨ ᠨᠡᠮᠡᠭᠳᠡᠭᠦᠯᠬᠦ ᠴᠢᠬᠤᠯᠠ ᠠᠵᠤ ᠦᠢᠯᠡᠰ ᠪᠣᠯᠤᠭᠰᠠᠭᠠᠷ ᠢᠷᠡᠵᠦ ᠂ ᠪᠦᠬᠦ ᠪᠠᠯᠭᠠᠰᠤᠨ ‍ᠤ ᠵᠢᠮᠢᠰ ‍ᠦᠨ ᠮᠣᠳᠣᠨ ‍ᠤ ᠶᠡᠷᠦᠩᠬᠡᠶ ᠲᠠᠯᠠᠪᠠᠢ 12000 ᠮᠦ ᠪᠠᠶᠢᠵᠣ ᠂ ᠡᠭᠦᠨ ᠳ᠋ᠦ ᠠᠭᠠᠯᠢᠭ ᠠᠯᠢᠮ᠎ᠠ 200 ᠮᠦ ᠂ 123 ᠠᠯᠮᠤᠷᠠᠳ 200 ᠮᠦ ᠂ ᠲᠤᠭᠤᠷ 180 ᠮᠦ ᠂ ᠦᠵᠦᠮ 20 ᠮᠦ ᠂ ᠲᠣᠰᠣᠨ ᠭᠦᠢᠯᠡᠰᠦ 11000 ᠮᠦ ᠪᠠᠶᠢᠵᠣ ᠂ ᠵᠢᠯ ᠳ᠋ᠦ 12100 ᠲᠣᠨ ᠵᠢᠮᠢᠰ ᠬᠣᠷᠢᠶᠠᠵᠣ ᠂ ᠵᠢᠯ ‍ᠤᠨ ᠦᠢᠯᠡᠳᠪᠦᠷᠢᠯᠡᠯ ‍ᠤᠨ ᠦᠷᠳᠡᠭ 14032 ᠲᠦᠮᠡᠨ ᠲᠥᠭᠥᠷᠢᠭ ᠲᠣ ᠬᠦᠷᠳᠡᠭ ᠃
ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ