ᠮᠠᠨ ‍ᠤ ᠬᠣᠰᠢᠭᠤ ᠭᠣᠤᠯᠳᠠᠯᠭ᠎ᠠ ᠲᠠᠶ ᠲᠥᠷᠥᠯ ᠵᠦᠢᠯ ‍ᠦᠨ ᠪᠦᠲᠦᠭᠡᠨ ᠪᠠᠶᠢᠭᠤᠯᠤᠯᠲᠠ ᠶ᠋ᠢ ᠬᠦᠴᠦᠯᠡᠨ ᠠᠬᠢᠭᠣᠯᠵᠣ ᠪᠠᠶᠢᠭ᠎ᠠ

ᠣᠩᠰᠢᠭᠰᠠᠨ ᠤᠳᠠᠭ᠎ᠠ ᠄ 2536     ᠨᠡᠶᠢᠳᠡᠯᠡᠭᠰᠡᠨ ᠴᠠᠭ ᠄ 2019/7/15 8:58:13

 
      ᠮᠠᠨ ‍ᠤ ᠬᠣᠰᠢᠭᠤ 《 ᠲᠥᠷᠥᠯ ᠵᠦᠢᠯ ‍ᠢ ᠠᠳᠬᠤᠬᠤ ᠪᠣᠯ ᠳᠠᠷᠤᠶ ᠬᠥᠭᠵᠢᠯᠲᠡ ᠶ᠋ᠢ ᠠᠳᠬᠤᠬᠤ 》 ᠣᠨᠣᠯ ‍ᠢ ᠪᠠᠲᠤ ᠪᠤᠢ ᠪᠣᠯᠭᠠᠵᠤ ᠂ ᠦᠷᠭᠦᠯᠵᠢᠯᠡᠨ ᠪᠠᠶᠢᠭᠤᠯᠬᠤ ᠲᠥᠷᠥᠯ ᠵᠦᠢᠯ ᠤᠨ ᠠᠵᠢᠯ ‍ᠤᠨ ᠠᠬᠢᠴᠠ ᠶ᠋ᠢ ᠠᠳᠬᠣᠨ ᠂ ᠰᠢᠨ᠎ᠡ ᠪᠡᠷ ᠪᠠᠶᠢᠭᠤᠯᠬᠤ ᠲᠥᠷᠥᠯ ᠵᠦᠢᠯ ᠤᠨ ᠠᠵᠢᠯ ᠡᠬᠢᠯᠡᠭᠦᠯᠬᠦ ᠶ᠋ᠢ ᠠᠳᠬᠤᠵᠤ ᠂ ᠠᠵᠤ ᠦᠶ᠋ᠯᠡᠳᠪᠦᠷᠢ ᠶ᠋ᠢᠨ ᠠᠵᠤ ᠠᠬᠤᠢ ᠶ᠋ᠢᠨ ᠡᠷᠭᠢᠯᠲᠡ ᠶ᠋ᠢᠨ ᠰᠠᠶᠢᠵᠢᠷᠠᠯᠲᠠ ᠶ᠋ᠢ  ᠪᠡᠶᠡᠯᠡᠭᠦᠯᠵᠣ ᠪᠠᠶᠢᠨ᠎ᠠ ᠃
     ᠥᠪᠥᠷ ᠮᠣᠩᠭᠣᠯ ‍ᠤᠨ ᠵᠠᠮᠪᠠᠯᠳᠣᠷᠵᠢ ᠮᠣᠩᠭᠣᠯ ᠡᠮ ‍ᠦᠨ ᠮᠠᠲ᠋ᠧᠷᠢᠶᠠᠯ ‍ᠤᠨ ᠬᠣᠲᠠ ᠶ᠋ᠢᠨ ᠪᠦᠲᠦᠭᠡᠨ ᠪᠠᠶᠢᠭᠤᠯᠤᠯᠲᠠ ᠶ᠋ᠢᠨ ᠲᠥᠷᠥᠯ ᠵᠦᠢᠯ ‍ᠦᠨ ᠪᠠᠷᠢᠯᠭ᠎ᠠ ᠶ᠋ᠢᠨ ᠭᠠᠵᠠᠷ ᠲᠤ ᠠᠵᠢᠯᠴᠢᠳ ᠬᠠᠮᠤᠭ ᠡᠴᠦᠰ ‍ᠦᠨ ᠪᠣᠯᠣᠳ ᠭᠡᠷ ‍ᠦᠨ ᠪᠦᠳᠦᠴᠡ ᠶ᠋ᠢ ᠳᠡᠭᠦᠵᠢᠯᠡᠨ ᠤᠭᠰᠠᠷᠠᠬᠤ ᠠᠵᠢᠯ ᠶᠠᠭᠠᠷᠠᠯᠳᠣᠨ᠎ᠠ ᠃ ᠮᠠᠨ ‍ᠤ ᠬᠣᠰᠢᠭᠤᠨ ‍ᠤ ᠡᠨᠡ ᠵᠢᠯ ‍ᠦᠨ ᠭᠣᠤᠯᠳᠠᠯᠭ᠎ᠠ ᠲᠠᠶ ᠪᠦᠲᠦᠭᠡᠨ ᠪᠠᠶᠢᠭᠤᠯᠤᠯᠲᠠ ᠶ᠋ᠢᠨ ᠲᠥᠷᠥᠯ ᠵᠦᠢᠯ ‍ᠦᠨ ᠨᠢᠭᠡ ᠪᠠᠶᠢᠵᠣ ᠂ ᠲᠥᠷᠥᠯ ᠵᠦᠶ᠋ᠯ ‍ᠦᠨ ᠶᠡᠷᠦᠩᠬᠡᠶ ᠪᠠᠯᠠ ᠣᠷᠣᠭᠤᠯᠤᠯᠲᠠ 5 ᠳ᠋ᠦᠩᠰᠢᠭᠤᠷ ᠲᠥᠭᠥᠷᠢᠭ ᠲᠤ ᠬᠦᠷᠴᠣ ᠂ ᠪᠠᠷᠢᠯᠭ᠎ᠠ ᠶ᠋ᠢᠨ ᠲᠠᠯᠠᠪᠠᠢ 14 ᠲᠦᠮᠡᠨ ᠲᠡᠭᠰᠢ ᠳᠥᠷᠪᠡᠯᠵᠢᠨ ᠮᠧᠲ᠋ᠷ ᠪᠣᠯᠣᠨ᠎ᠠ ᠃ ᠲᠥᠷᠥᠯ ᠵᠦᠢᠯ ᠪᠠᠶᠢᠭᠤᠯᠤᠭᠳᠠᠭᠰᠠᠨ ‍ᠤ ᠳᠠᠷᠠᠭ᠎ᠠ ᠂ ᠮᠣᠩᠭᠣᠯ ᠬᠢᠲᠠᠳ ᠡᠮ ‍ᠦᠨ ᠮᠠᠲ᠋ᠧᠷᠢᠶᠠᠯ ‍ᠤᠨ ᠠᠷᠠᠯᠵᠢᠶ᠎ᠠ ᠂ ᠨᠦᠭᠡᠴᠡᠯᠡᠨ ᠡᠳ᠋ᠰᠢᠭᠦᠯᠬᠦ ᠂ ᠲᠥᠷᠥᠯ ᠲᠡᠮᠳᠡᠭᠲᠦ ᠶ᠋ᠢᠨ ᠦᠵᠡᠭᠦᠯᠦᠯᠭᠡ ᠂ ᠳᠤᠷᠠᠰᠬᠠᠯ ᠤᠨ ᠦᠵᠡᠰᠬᠦᠯᠡᠩ ‍ᠢ ᠨᠢᠬᠡᠨ ᠴᠣᠭᠴᠠᠵᠢᠭᠤᠯᠤᠭᠰᠠᠨ ᠲᠣᠮᠣ ᠬᠡᠯᠪᠡᠷᠢ ᠶ᠋ᠢᠨ ᠮᠣᠩᠭᠣᠯ ᠬᠢᠲᠠᠳ ᠡᠮ ‍ᠦᠨ ᠮᠠᠲ᠋ᠧᠷᠢᠶᠠᠯ ‍ᠤᠨ ᠲᠥᠪᠯᠡᠷᠡᠭᠦᠯᠦᠨ ᠲᠠᠷᠬᠠᠭᠠᠬᠤ ᠭᠠᠵᠠᠷ ᠪᠣᠯᠵᠣ ᠂ ᠵᠢᠯ ᠳ᠋ᠦ ᠮᠣᠩᠭᠣᠯ ᠬᠢᠲᠠᠳ ᠡᠮ ‍ᠦᠨ ᠮᠠᠲ᠋ᠧᠷᠢᠶᠠᠯ ‍ᠤᠨ ᠠᠷᠠᠯᠵᠢᠶ᠎ᠠ ᠶ᠋ᠢᠨ ᠬᠡᠪᠴᠢᠶ᠎ᠡ ᠶ᠋ᠢ 5 ᠲᠦᠮᠡᠨ ᠲᠣᠨ ᠂ ᠵᠢᠯ ‍ᠦᠨ ᠠᠷᠠᠯᠵᠢᠶ᠎ᠠ ᠶ᠋ᠢᠨ ᠲᠣᠭ᠎ᠠ ᠶ᠋ᠢ 10 ᠳ᠋ᠦᠩᠰᠢᠭᠤᠷ ᠲᠥᠭᠥᠷᠢᠭ ᠂ ᠭᠠᠶᠢᠯᠢ ᠶ᠋ᠢᠨ ᠣᠷᠣᠯᠭ᠎ᠠ ᠶ᠋ᠢ 5000 ᠲᠦᠮᠡᠨ ᠲᠥᠭᠥᠷᠢᠭ ᠪᠡᠶᠡᠯᠡᠬᠦᠯᠬᠦ ᠪᠣᠯᠣᠨ᠎ᠠ ᠃ ᠥᠪᠥᠷ ᠮᠣᠩᠭᠣᠯ ‍ᠤᠨ ᠵᠠᠮᠪᠠᠯᠳᠣᠷᠵᠢ ᠮᠣᠩᠭᠣᠯ ᠡᠮ ‍ᠦᠨ ᠮᠠᠲ᠋ᠧᠷᠢᠶᠠᠯ ‍ᠤᠨ ᠬᠣᠲᠠ ᠶ᠋ᠢᠨ ᠲᠥᠷᠥᠯ ᠵᠦᠢᠯ ‍ᠦᠨ ᠪᠦᠲᠦᠭᠡᠨ ᠪᠠᠶᠢᠭᠤᠯᠤᠯᠲᠠ ᠶ᠋ᠢᠨ ᠬᠠᠷᠢᠭᠤᠴᠠᠯᠭᠠᠲᠠᠨ ᠵᠠᠩ ᠺᠠᠶ ᠰᠢᠦᠸᠠᠨ ᠄

ᠪᠢᠳᠡ 2018 ᠣᠨ ᠤ 9 ᠰᠠᠷ᠎ᠠ ᠶ᠋ᠢᠨ 27 ‍ᠦ ᠡᠳᠦᠷ ᠡᠴᠡ ᠡᠬᠢᠯᠡᠨ ᠪᠦᠲᠦᠭᠡᠨ ᠪᠠᠶᠢᠭᠣᠯᠵᠣ ᠂ ᠨᠡᠢᠲᠡ ᠬᠣᠶᠠᠷ ᠬᠤᠭᠤᠴᠠᠭ᠎ᠠ ᠬᠤᠪᠢᠶᠠᠵᠤ ᠂ ᠨᠢᠬᠡᠳᠡᠬᠢ ᠬᠣᠭᠣᠴᠠᠭ᠎ᠠ ᠳ᠋ᠥ ᠨᠢᠬᠡ ᠨᠣᠮᠧᠷᠲᠤ ᠭᠣᠤᠯ ᠴᠣᠭᠴᠠ ᠶ᠋ᠢ ᠪᠦᠬᠦᠨ ‍ᠢ ᠳᠠᠭᠤᠰᠬᠠᠵᠤ ᠂ ᠬᠣᠶᠠᠷ ᠨᠣᠮᠧᠷᠲᠤ ᠭᠣᠤᠯ ᠴᠣᠭᠴᠠ ᠶ᠋ᠢ ᠬᠡᠰᠡᠭ ‍ᠢ ᠨᠢ ᠳᠠᠭᠤᠰᠬᠠᠵᠤ ᠂ ᠵᠢᠱᠢᠯᠲᠡ ᠪᠡᠷ ᠡᠨᠡ ᠵᠢᠯ ‍ᠦᠨ 10 ᠰᠠᠷ᠎ᠠ ᠳ᠋ᠤ ᠪᠦᠬᠦᠨ ‍ᠢ ᠳᠠᠭᠤᠰᠬᠠᠨ᠎ᠠ ᠃

       ᠮᠠᠨ ‍ᠤ ᠬᠣᠰᠢᠭᠤ ᠪᠣᠯ ᠲᠦᠩᠯᠢᠶᠣᠤ ᠬᠣᠲᠠ ᠶ᠋ᠢᠨ ᠬᠠᠮᠤᠭ ‍ᠤᠨ ᠶᠡᠬᠡ ᠮᠣᠩᠭᠣᠯ ᠬᠢᠲᠠᠳ ᠡᠮ ‍ᠦᠨ ᠮᠠᠲ᠋ᠧᠷᠢᠶᠠᠯ ‍ᠤᠨ ᠲᠠᠷᠢᠮᠠᠯ ‍ᠤᠨ ᠭᠠᠵᠠᠷ ᠪᠠᠶᠢᠵᠣ ᠂ ᠲᠠᠷᠢᠮᠠᠯ ‍ᠤᠨ ᠲᠠᠯᠠᠪᠠᠢ ᠨᠢ ᠪᠥᠬᠥ ᠬᠣᠲᠠ ᠶ᠋ᠢᠨ ᠲᠠᠷᠢᠮᠠᠯ ‍ᠤᠨ ᠲᠠᠯᠠᠪᠠᠢ ᠶ᠋ᠢᠨ 80 % ᠶ᠋ᠢ ᠡᠵᠡᠯᠡᠨ ᠂ ᠴᠢᠨᠠᠷ ᠰᠠᠶᠢᠲᠠᠶ ᠡᠮ ‍ᠦᠨ ᠮᠠᠲ᠋ᠧᠷᠢᠶᠠᠯ ‍ᠤᠨ ᠡᠬᠢ ᠪᠠᠶᠠᠯᠢᠭ ‍ᠢ ᠨᠡᠭᠡᠭᠡᠨ ᠠᠰᠢᠭᠯᠠᠬᠤ ᠪᠠ ᠠᠵᠤ ᠦᠢᠯᠡᠰ ‍ᠢ ᠳᠡᠰ ᠳᠡᠪᠰᠢᠭᠦᠯᠬᠦ ᠶ᠋ᠢᠨ ᠲᠣᠭᠣᠷᠢᠨ ᠳ᠋ᠤ ᠂ ᠮᠠᠨ ‍ᠤ ᠬᠣᠰᠢᠭᠤ 《 ᠡᠮ ‍ᠦᠨ ᠮᠠᠲ᠋ᠧᠷᠢᠶᠠᠯ ᠤᠨ ᠴᠢᠬᠢ ᠪᠣᠶᠢᠵᠢᠭᠣᠯᠬᠣ ᠂ ᠡᠮ ‍ᠦᠨ ᠮᠠᠲ᠋ᠧᠷᠢᠶᠠᠯ ‍ᠤᠨ ᠡᠬᠢ ᠰᠤᠷᠪᠤᠯᠵᠢ ᠡᠴᠠ ᠠᠩᠬ᠎ᠠ ᠡᠳ᠋ᠰᠢᠭᠦᠯᠦᠨ ᠦᠢᠯᠡᠳᠪᠦᠷᠢᠯᠷᠬᠦ ᠂ ᠶᠠᠰᠤ ᠴᠢᠨᠠᠷ ‍ᠢ ᠰᠢᠯᠭᠠᠨ ᠪᠠᠶᠢᠴᠠᠭᠠᠬᠤ ᠂ ᠨᠦᠬᠡᠴᠡᠯᠡᠨ ᠬᠠᠳᠠᠭᠠᠯᠠᠬᠤ ᠪᠠᠷᠠᠭ᠎ᠠ ᠶ᠋ᠢᠨ ᠭᠦᠢᠯᠭᠡᠭᠡ ᠪᠠ ᠤᠯᠤᠰ ‍ᠤᠨ ᠳᠣᠲᠣᠭᠠᠳᠤ ᠭᠠᠳᠠᠭᠠᠳᠤ ᠶ᠋ᠢᠨ ᠠᠷᠠᠯᠵᠢᠶ᠎ᠠ 》 ᠬᠦᠷᠲᠡᠯᠡᠬᠢ ᠪᠦᠷᠢᠨ ᠪᠦᠲᠦᠨ ᠠᠵᠤ ᠦᠢᠯᠡᠰ ‍ᠦᠨ ᠬᠡᠯᠬᠢᠶ᠎ᠡ ᠶ᠋ᠢ ᠢᠳᠡᠪᠬᠢᠲᠡᠢ ᠴᠣᠭᠴᠠᠯᠠᠵᠣ ᠪᠠᠶᠢᠨ᠎ᠠ ᠃ ᠨᠠᠢᠮᠠᠨ ᠬᠣᠰᠢᠭᠤᠨ ‍ᠤ ᠮᠣᠩᠭᠣᠯ ᠬᠢᠲᠠᠳ ᠡᠮ ‍ᠦᠨ ᠮᠠᠲ᠋ᠧᠷᠢᠶᠠᠯ ᠰᠣᠳᠣᠯᠣᠨ ᠬᠦᠭᠵᠢᠬᠦᠯᠬᠦ ᠬᠠᠮᠢᠶᠠᠷᠤᠯᠲᠠ ᠶ᠋ᠢᠨ ᠲᠥᠪ ‍ᠦᠨ ᠠᠯᠪᠠᠨ ᠭᠡᠷ ‍ᠦᠨ ᠡᠷᠬᠢᠯᠡᠭᠴᠢ ᠸᠠᠩ ᠶᠦᠩ ᠴᠧᠩ ᠄ ᠮᠣᠩᠭᠣᠯ ᠬᠢᠲᠠᠳ ᠡᠮ ‍ᠦᠨ ᠮᠠᠲ᠋ᠧᠷᠢᠶᠠᠯ ‍ᠤᠨ ᠠᠵᠤ ᠦᠢᠯᠡᠰ ᠨᠢ ᠣᠳᠣ ᠪᠣᠯᠲᠠᠯ᠎ᠠ 20 ᠲᠦᠮᠡᠨ ᠮᠦ ᠳ᠋ᠥ ᠬᠦᠷᠴᠦ ᠂ ᠲᠠᠷᠢᠮᠠᠯ ‍ᠤᠨ ᠲᠥᠷᠥᠯ ᠵᠦᠢᠯ ‍ᠢ ᠬᠤᠨᠴᠢᠷ ᠂ ᠱᠦᠭᠦᠷᠭᠡᠨ᠎ᠡ ᠵᠡᠷᠭᠡ ᠲᠠᠪᠤᠨ ᠶᠡᠬᠡ ᠲᠥᠷᠥᠯ ᠵᠦᠢᠯ ‍ᠢᠶ᠋ᠡᠷ ᠭᠣᠤᠯ  ᠪᠣᠯᠭᠠᠵᠣ ᠂ ᠡᠮ ‍ᠦᠨ ᠮᠠᠲ᠋ᠧᠷᠢᠶᠠᠯ ‍ᠤᠨ ᠬᠣᠲᠠ ᠶ᠋ᠢ ᠪᠠᠶᠢᠭᠤᠯᠵᠤ ᠳᠠᠭᠤᠰᠤᠭᠰᠠᠨ ‍ᠤ ᠳᠠᠷᠠᠭ᠎ᠠ ᠂ ᠡᠮ ‍ᠦᠨ ᠮᠠᠲ᠋ᠧᠷᠢᠶᠠᠯ ‍ᠤᠨ ᠬᠣᠲᠠ ᠪᠠᠷ ᠳᠠᠮᠵᠢᠭᠤᠯᠤᠨ ᠮᠠᠨ ‍ᠤ ᠪᠥᠬᠥ ᠬᠣᠰᠢᠭᠤᠨ ‍ᠤ ᠡᠮ ‍ᠦᠨ ᠮᠠᠲ᠋ᠧᠷᠢᠶᠠᠯ ‍ᠤᠨ ᠰᠦᠯᠵᠢᠶᠡᠨ ᠳᠡᠭᠡᠷᠡᠬᠢ ᠪᠠ ᠰᠦᠯᠵᠢᠶᠡᠨ ᠭᠠᠳᠠᠨᠠᠬᠢ ᠰᠣᠯᠢᠯᠴᠠᠭ᠎ᠠ ᠶ᠋ᠢ ᠳᠠᠶᠢᠴᠢᠯᠠᠨ᠎ᠠ ᠃ ᠪᠣᠷᠣᠯᠠᠭᠤᠯᠭ᠎ᠠ ᠶ᠋ᠢᠨ ᠠᠷᠭ᠎ᠠ ᠵᠠᠮ ‍ᠢ ᠥᠷᠭᠡᠳᠬᠡᠭᠰᠡᠨ ‍ᠦ ᠳᠠᠷᠠᠭ᠎ᠠ ᠂ ᠮᠠᠨ ‍ᠤ ᠠᠵᠤ ᠦᠢᠯᠡᠰ ‍ᠦᠨ ᠬᠡᠯᠬᠢᠶ᠎ᠡ ᠶ᠋ᠢ ᠦᠷᠭᠦᠯᠵᠢᠯᠡᠨ ᠤᠷᠲᠤᠳᠬᠠᠵᠤ ᠂ ᠮᠣᠩᠭᠣᠯ ᠬᠢᠲᠠᠳ ᠡᠮ ‍ᠦᠨ ᠮᠠᠲ᠋ᠧᠷᠢᠶᠠᠯ ‍ᠤᠨ ᠪᠦᠬᠦ ᠠᠵᠤ ᠦᠢᠯᠡᠰ ‍ᠦᠨ ᠬᠡᠯᠬᠢᠶ᠎ᠡ ᠶ᠋ᠢ ᠤᠷᠲᠤᠳᠬᠠᠨ ᠬᠥᠭᠵᠢᠭᠦᠯᠬᠦ ᠶ᠋ᠢ ᠪᠡᠶᠡᠯᠡᠭᠦᠯᠵᠦ ᠴᠢᠳᠠᠨ᠎ᠠ ᠃
     ᠬᠣᠷᠴᠢᠨ ᠨᠠᠢᠮᠠᠨ ‍ᠦ 500 ᠺᠢᠯᠣᠸᠠᠲ ‍ᠤᠨ ᠴᠠᠬᠢᠯᠭᠠᠨ ᠬᠦᠴᠦᠳᠡᠯ ᠥᠭᠡᠷᠡᠴᠢᠯᠡᠬᠦ ᠢᠨᠵᠧᠨᠧᠷᠢᠩ ᠤᠨ ᠲᠥᠷᠥᠯ ᠵᠦᠢᠯ ‍ᠦᠨ ᠪᠦᠲᠦᠭᠡᠨ ᠪᠠᠶᠢᠭᠣᠯᠣᠯᠳᠠ ᠡᠴᠦᠰ ᠤᠨ ᠰᠢᠪᠲᠤᠷᠭᠠᠨ ᠳ᠋ᠥ ᠣᠷᠣᠵᠣ ᠂ ᠵᠠᠮ ᠱᠤᠭᠤᠮ ‍ᠤᠨ ᠪᠦᠬᠦ ᠤᠷᠳᠤ ᠨᠢ 148 ᠺᠢᠯᠣᠮᠧᠲ᠋ᠷ ᠲᠤ ᠬᠦᠷᠴᠣ ᠂ 8.4 ᠳ᠋ᠦᠩᠰᠢᠭᠤᠷ ᠲᠥᠭᠥᠷᠢᠭ ‍ᠦᠨ ᠪᠡᠯᠡ ᠣᠷᠣᠭᠣᠯᠣᠭᠰᠠᠨ ᠪᠠᠶᠢᠨ᠎ᠠ ᠃ ᠲᠥᠷᠥᠯ ᠵᠦᠢᠯ ‍ᠢ ᠠᠰᠢᠭᠯᠠᠯᠲᠠ ᠳ᠋ᠤ ᠣᠷᠣᠭᠤᠯᠤᠭᠰᠠᠨ ‍ᠤ ᠳᠠᠷᠠᠭ᠎ᠠ ᠂ ᠨᠡᠢᠮᠠᠨ ᠬᠣᠰᠢᠭᠤᠨ ‍ᠤ ᠲᠠᠰᠤᠷᠠᠯᠲᠠ ᠥᠬᠡᠶ ᠨᠡᠮᠡᠭᠳᠡᠵᠦ ᠪᠠᠶᠢᠭ᠎ᠠ ᠴᠠᠬᠢᠯᠭᠠᠨ ᠬᠡᠷᠡᠭᠯᠡᠬᠦ ᠳᠠᠭᠠᠭᠠᠴᠠ ᠶ᠋ᠢᠨ ᠱᠠᠭᠠᠷᠳᠠᠯᠭ᠎ᠠ ᠶ᠋ᠢ ᠬᠠᠩᠭᠠᠵᠤ ᠴᠢᠳᠠᠬᠤ ᠪᠠᠷ ᠪᠠᠷᠠᠬᠤ ᠥᠬᠡᠶ ᠂ ᠪᠠᠰᠠ ᠬᠦᠷᠢᠶᠡᠯᠡᠩ ᠲᠣᠭᠣᠷᠢᠭ ‍ᠤᠨ ᠭᠣᠤᠯᠳᠠᠯᠭ᠎ᠠ ᠲᠠᠶ ᠠᠵᠤ ᠠᠬᠣᠶᠢᠯᠠᠯ ‍ᠤᠨ ᠴᠠᠬᠢᠯᠭᠠᠨ ᠬᠡᠷᠡᠭᠯᠡᠬᠦ ᠬᠡᠷᠡᠭᠴᠡᠭᠡ ᠶ᠋ᠢ ᠰᠢᠢᠳᠪᠦᠷᠢᠯᠡᠵᠤ ᠂ ᠡᠭᠦᠨ ‍ᠦ ᠬᠠᠮᠲᠤ ᠂ ᠨᠠᠢᠮᠠᠨ ᠤ ᠬᠦᠴᠦᠳᠡᠯ ᠥᠭᠡᠷᠡᠴᠢᠯᠡᠬᠦ ᠥᠷᠲᠡᠭᠡ ᠪᠠᠰᠠ ᠤᠯᠠᠭᠠᠨᠬᠠᠳᠠ ᠶ᠋ᠢᠨ ᠬᠦᠴᠦᠳᠡᠯ ᠥᠭᠡᠷᠡᠴᠢᠯᠡᠬᠦ ᠦᠷᠳᠡᠭᠡ ᠲᠡᠢ ᠵᠠᠯᠭᠠᠭᠣᠯᠬᠣ ᠬᠣᠶᠠᠳᠤᠭᠠᠷ ᠬᠤᠭᠤᠴᠠᠭᠠᠨ ‍ᠤ ᠲᠦᠯᠦᠪᠵᠢᠬᠦᠯᠦᠨ ᠪᠠᠶᠢᠭᠣᠯᠬᠣ ᠢᠨᠵᠧᠨᠧᠷᠢᠩ ‍ᠢ ᠦᠯᠡᠳᠡᠭᠡᠭᠰᠡᠨ ᠪᠠᠶᠢᠨ᠎ᠠ  ᠃ ᠬᠣᠷᠴᠢᠨ ᠨᠠᠢᠮᠠᠨ ‍ᠦ 500 ᠺᠢᠯᠣᠸᠠᠲ ‍ᠤᠨ ᠴᠠᠬᠢᠯᠭᠠᠨ ᠬᠦᠴᠦᠳᠡᠯ ᠦᠬᠡᠷᠡᠴᠢᠯᠡᠬᠦ ᠢᠨᠵᠧᠨᠧᠷᠢᠩ ᠤᠨ ᠲᠥᠷᠥᠯ ᠵᠦᠢᠯ ‍ᠦᠨ ᠶᠡᠷᠦᠩᠬᠡᠶ ᠢᠨᠵᠧᠨᠧᠷ ᠸᠠᠩ ᠰᠢᠶᠣᠤ ᠳ᠋ᠦᠩ ᠄ ᠨᠠᠢᠮᠠᠨ ‍ᠦ ᠬᠦᠴᠦᠳᠡᠯ ᠦᠬᠡᠷᠡᠴᠢᠯᠡᠬᠦ ᠥᠷᠲᠡᠭᠡ ᠵᠢ ᠪᠠᠶᠢᠭᠤᠯᠤᠭᠰᠠᠨ ‍ᠤ ᠳᠠᠷᠠᠭ᠎ᠠ ᠂ ᠨᠠᠢᠮᠠᠨ ‍ᠤ 500 ᠺᠢᠯᠣᠸᠠᠲ ‍ᠤᠨ ᠴᠠᠬᠢᠯᠭᠠᠨ ᠬᠦᠴᠦᠳᠡᠯ ᠦᠬᠡᠷᠡᠴᠢᠯᠡᠬᠦ ᠥᠷᠲᠡᠭᠡ ᠦᠬᠡᠢ ᠪᠠᠶᠢᠳᠠᠯ ‍ᠢ ᠰᠢᠪᠳᠣᠯᠵᠤ ᠂ ᠲᠡᠭᠦᠨ ‍ᠦ ᠴᠠᠬᠢᠯᠭᠠᠨ ᠬᠠᠩᠭᠠᠬᠤ ᠬᠡᠮᠵᠢᠶ᠎ᠡ ᠨᠢ ᠣᠳᠣ ᠶ᠋ᠢᠨ ᠰᠠᠭᠤᠷᠢᠨ ᠳᠡᠭᠡᠷ᠎ᠡ 3 ᠡᠴᠡ 4 ᠳᠠᠬᠢᠨ ᠨᠡᠮᠡᠭᠳᠡᠵᠦ ᠂ ᠵᠢᠯ ‍ᠦᠨ ᠴᠠᠬᠢᠯᠭᠠᠨ ᠬᠠᠩᠭᠠᠬᠤ ᠬᠡᠮᠵᠢᠶ᠎ᠡ 100 ᠳ᠋ᠦᠩᠰᠢᠭᠤᠷ ‍ᠤᠨ ᠶᠡᠬᠡ ᠪᠣᠭᠣᠮᠲᠠ ᠳ᠋ᠤ ᠬᠦᠷᠬᠦ ᠪᠣᠯᠤᠨ᠎ᠠ ᠃ ᠵᠢᠱᠢᠯᠲᠡ ᠪᠡᠷ 105 ᠡᠴᠡ 120 ᠳ᠋ᠦᠩᠰᠢᠭᠤᠷ ᠺᠢᠯᠣᠸᠠᠲ ᠴᠠᠭ ᠲᠤ ᠬᠦᠷᠴᠦ ᠲᠠᠶᠢᠯᠤᠨ᠎ᠠ ᠃

      ᠣᠶᠢᠷ᠎ᠠ ᠶ᠋ᠢᠨ ᠵᠢᠯ ᠳ᠋ᠦ ᠂ ᠮᠠᠨ ‍ᠤ ᠬᠣᠰᠢᠭᠤ ᠬᠤᠳᠠᠯᠳᠤᠭ᠎ᠠ ᠡᠷᠬᠢᠯᠡᠬᠦ ᠣᠷᠴᠢᠨ ᠲᠣᠭᠣᠷᠢᠨ ‍ᠢ ᠲᠠᠰᠤᠷᠠᠯᠲᠠ ᠥᠬᠡᠶ ᠰᠢᠯᠢᠳᠡᠭᠵᠢᠭᠦᠯᠵᠦ ᠂ ᠬᠦᠴᠦᠨ ‍ᠢᠶ᠋ᠡᠨ ᠲᠥᠪᠯᠡᠷᠡᠭᠦᠯᠦᠨ 《 ᠬᠠᠮᠠᠭᠠᠯᠠᠯᠲᠠ ᠂ ᠰᠢᠨᠵᠢᠯᠡᠬᠦ ᠤᠬᠠᠭᠠᠨ ᠮᠡᠷᠭᠡᠵᠢᠯ ᠂ ᠠᠵᠤ ᠦᠢᠯᠡᠰ ᠂ ᠵᠢᠭᠤᠯᠴᠢᠯᠠᠯ ᠂ ᠡᠷᠡᠭᠦᠯᠵᠢᠯ ᠂ ᠰᠣᠶᠣᠯ 》 ‍ᠢ ᠨᠢᠬᠡᠨ ᠴᠣᠭᠴᠠᠵᠢᠭᠤᠯᠤᠭᠰᠠᠨ ᠪᠣᠬᠢᠷᠲᠤᠯ ᠥᠬᠡᠶ ᠠᠮᠢ ᠠᠬᠤᠢ ᠶ᠋ᠢᠨ ᠲᠠᠷᠢᠶᠠᠯᠠᠩ ᠮᠠᠯ ᠠᠵᠤ ᠠᠬᠤᠶ ᠂ ᠮᠣᠩᠭᠣᠯ ᠬᠢᠲᠠᠳ ᠡᠮ ‍ᠦᠨ ᠮᠠᠲ᠋ᠧᠷᠢᠶᠠᠯ ᠂ ᠡᠯᠡᠰᠦᠨ ‍ᠦ ᠠᠵᠤ ᠦᠢᠯᠡᠰ ᠂ ᠨᠢᠺᠸᠯ ‍ᠦᠨ ᠬᠠᠶᠢᠯᠤᠰᠢ ᠶ᠋ᠢᠨ ᠰᠢᠨ᠎ᠡ ᠮᠠᠲ᠋ᠧᠷᠢᠶᠠᠯ ᠂ ᠦᠨᠳᠦᠰᠦᠲᠡᠨ ‍ᠦ ᠰᠣᠶᠣᠯ ᠵᠢᠭᠤᠯᠴᠢᠯᠠᠯ ᠵᠡᠷᠭᠡ ᠲᠠᠪᠤᠨ ᠪᠥᠬᠥ ᠠᠵᠤ ᠦᠢᠯᠡᠰ ‍ᠦᠨ ᠬᠡᠯᠬᠢᠶ᠎ᠡ ᠶ᠋ᠢ ᠴᠣᠭᠴᠠᠯᠠᠪᠠ ᠃ ᠪᠦᠬᠦ ᠣᠷᠣᠨ ᠪᠦᠰᠡ ᠂ ᠪᠦᠬᠦ ᠬᠡᠯᠬᠢᠶᠡᠵᠢᠯ ᠢᠶᠠᠷ ᠳᠠᠮᠵᠢᠨ ᠪᠦᠬᠦ ᠬᠣᠰᠢᠭᠤᠨ ‍ᠤ ᠠᠵᠤ ᠠᠬᠤᠢ ᠶ᠋ᠢᠨ ᠴᠢᠨᠠᠷ ᠰᠠᠶᠢᠲᠠᠶ ᠬᠥᠭᠵᠢᠯᠲᠡ ᠶ᠋ᠢ ᠠᠬᠢᠭᠤᠯᠤᠨ᠎ᠠ ᠃ 1 — 5 ᠳ᠋ᠤᠭᠠᠷ ᠰᠠᠷ᠎ᠠ ᠳ᠋ᠤ ᠂ ᠮᠠᠨ ‍ᠤ ᠬᠣᠰᠢᠭᠤᠨ ‍ᠤ ᠪᠦᠲᠦᠭᠡᠨ ᠪᠠᠶᠢᠭᠤᠯᠤᠯᠲᠠ ᠶ᠋ᠢᠨ ᠲᠥᠷᠥᠯ ᠵᠦᠶ᠋ᠯ 8 ᠪᠠᠶᠢᠵᠤ ᠂ ᠣᠶᠢᠷ᠎ᠠ ᠶ᠋ᠢᠨ ᠬᠤᠭᠤᠴᠠᠭᠠᠨ ᠳ᠋ᠤ 13 ᠲᠥᠷᠥᠯ ᠵᠦᠢᠯ ‍ᠢ ᠠᠵᠢᠯ ᠡᠬᠢᠯᠡᠭᠦᠯᠬᠦ ᠪᠣᠯᠤᠮᠵᠢ ᠲᠠᠶ ᠪᠠᠶᠢᠵᠤ ᠂ 12 ᠦᠷᠬᠦᠯᠵᠢᠯᠡᠨ ᠪᠦᠲᠦᠬᠡᠨ ᠪᠠᠶᠢᠭᠣᠯᠬᠣ ᠲᠥᠷᠥᠯ ᠵᠦᠢᠯ ᠨᠢ ᠠᠵᠤ ᠦᠢᠯᠡᠳᠪᠦᠷᠢ ᠶ᠋ᠢᠨ ᠶᠡᠷᠦᠩᠬᠡᠶ ᠦᠢᠯᠡᠳᠬᠦᠨ ‍ᠦ ᠥᠷᠲᠡᠭ ‍ᠢ ᠨᠡᠶᠢᠲᠡ 12.97 ᠳ᠋ᠦᠩᠰᠢᠭᠤᠷ ᠲᠥᠭᠥᠷᠢᠭ ᠪᠡᠶᠡᠯᠡᠭᠦᠯᠵᠦ ᠂ ᠠᠳᠠᠯᠢ ᠬᠤᠭᠤᠴᠠᠭᠠᠨ ‍ᠤ ᠬᠢ ᠡᠴᠡ 56.5 % ᠪᠡᠷ ᠨᠡᠮᠡᠭᠳᠡᠨ ᠂ ᠠᠵᠤ ᠦᠢᠯᠡᠳᠪᠦᠷᠢ ᠶ᠋ᠢᠨ ᠨᠡᠮᠡᠭᠳᠡᠯ ᠥᠷᠲᠡᠭ ‍ᠢ ᠨᠡᠶᠢᠲᠡ 3.0 ᠳ᠋ᠦᠩᠰᠢᠭᠤᠷ ᠲᠥᠭᠥᠷᠢᠭ ᠪᠡᠶᠡᠯᠡᠭᠦᠯᠵᠦ ᠂ 41.2 % ᠢᠶᠠᠷ ᠨᠡᠮᠡᠭᠳᠡᠪᠡ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ