ᠪᠣᠣ ᠪᠠᠶᠠᠰᠬᠣᠯᠠᠩ ᠄ ᠨᠤᠲᠤᠭ ᠲᠤ ᠪᠠᠨ ᠪᠤᠴᠠᠵᠤ ᠦᠢᠯᠡᠰ ᠪᠣᠰᠬᠠᠭᠰᠠᠨ

ᠣᠩᠰᠢᠭᠰᠠᠨ ᠤᠳᠠᠭ᠎ᠠ ᠄ 15305     ᠨᠡᠶᠢᠳᠡᠯᠡᠭᠰᠡᠨ ᠴᠠᠭ ᠄ 2019/7/11 16:33:16


        ᠬᠥᠳᠡᠭᠡ ᠲᠣᠰᠬᠣᠨ ᠳ᠋ᠤ ᠠᠳᠠᠯ ᠦᠢᠯᠡᠰ ᠴᠣᠭᠴᠠᠯᠠᠬᠤ ᠳ᠋ᠤ ᠬᠣᠶᠠᠷ ᠵᠦᠢᠯ ‍ᠦᠨ ᠠᠷᠭ᠎ᠠ ᠪᠠᠶᠢᠳᠠᠭ ᠄ ᠨᠢᠭᠡ ᠳ᠋ᠦ᠂ ᠪᠣᠳᠠᠳᠠᠢ ᠠᠵᠢᠯᠯᠠᠵᠦ᠂ ᠬᠣᠶᠠᠷ ᠲᠤ᠂ ᠴᠢᠷᠮᠠᠶᠢᠬᠤ ᠶ᠋ᠢ ᠪᠠᠷᠢᠮᠳᠠᠯᠠᠬᠣ ᠪᠠᠶᠢᠵᠣ᠂ ᡁᠢ ᠠᠨ ᠪᠠᠯᠭᠠᠰᠤ ᠶ᠋ᠢᠨ ᠵᠡᠭᠦᠨ ᠬᠤᠯᠤᠰᠤᠲᠠᠶ ᠭᠠᠴᠠᠭ᠎ᠠ ᠶ᠋ᠢᠨ ᠪᠣᠣ ᠪᠠᠶᠠᠰᠬᠣᠯᠠᠩ ᠲᠡᠭᠦᠨ ‍ᠦ ᠦᠢᠯᠡᠰ ᠪᠣᠰᠬᠠᠭᠰᠠᠨ ᠥᠩᠭᠡᠷᠡᠯᠲᠡ ᠪᠡᠨ ᠳᠡᠯᠭᠡᠨ ᠦᠵᠡᠭᠦᠯᠵᠦ᠂ ᠦᠷᠭᠦᠯᠵᠢᠯᠡᠨ ᠴᠢᠷᠮᠠᠶᠢᠵᠤ ᠪᠠᠶᠢᠨ᠎ᠠ ᠃

        27 ᠨᠠᠰᠤᠲᠠᠶ ᠪᠣᠣ ᠪᠠᠶᠠᠰᠬᠣᠯᠠᠩ 2016 ᠣᠨ ᠳ᠋ᠤ ᠥᠪᠥᠷ ᠮᠣᠩᠭᠣᠯ ‍ᠤᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠨᠠᠶᠢᠭᠡᠮ ‍ᠦᠨ ᠤᠬᠠᠭᠠᠨ ‍ᠤ ᠲᠤᠰᠬᠠᠶ ᠮᠡᠷᠭᠡᠵᠢᠯ ᠡᠴᠡ ᠳᠡᠬᠦᠰᠴᠦ᠂ ᠰᠠᠶᠢ ᠲᠡᠭᠦᠰᠬᠦ ᠦᠶ᠎ᠡ ᠳ᠋ᠤ ᠲᠡᠷᠡ ᠮᠦ ᠶᠣᠸᠠᠨ ‍ᠤ ᠶᠡᠷᠦᠩᠬᠡᠶ ᠲᠦᠪ ᠲᠤ ᠨᠢᠭᠡᠨ ᠬᠤᠪᠢ ᠨᠡᠯᠢᠶᠡᠳ ᠵᠦᠭᠡᠷ ᠠᠵᠢᠯ ᠲᠠᠢ ᠪᠠᠶᠢᠵᠣ᠂ ᠵᠢᠯ ᠭᠠᠷᠤᠶ ᠶ᠋ᠢᠨ ᠠᠵᠢᠯ ‍ᠤᠨ ᠥᠩᠭᠡᠷᠡᠯᠲᠡ ᠪᠠᠷ ᠳᠡᠷᠡ ᠠᠵᠢᠯ ‍ᠤᠨ ᠲᠤᠷᠰᠢᠯᠭ᠎ᠠ ᠬᠤᠷᠠᠮᠳᠤᠭᠤᠯᠵᠤ᠂ ᠮᠡᠳᠡᠯᠭᠡ ᠲᠠᠨᠢᠯᠲᠠ ᠪᠠᠨ ᠨᠡᠮᠡᠭᠳᠡᠬᠦᠯᠦᠨ᠂ ᠭᠡᠲᠡᠯ᠎ᠡ ᠶᠠᠭ ᠠᠵᠢᠯ ᠨᠢ ᠵᠠᠮ ᠳ᠋ᠥ ᠪᠠᠨ ᠣᠷᠣᠭᠰᠠᠨ ᠦᠶ᠎ᠡ ᠳ᠋ᠤ ᠳᠡᠷᠡ ᠨᠤᠲᠤᠭ ᠲᠤ ᠪᠠᠨ ᠪᠤᠴᠠᠵᠤ ᠠᠳᠠᠯ ᠦᠢᠯᠡᠰ ᠪᠣᠰᠬᠠᠬᠣ ᠨᠢᠬᠡᠨ ᠴᠢᠬᠤᠯᠠ ᠰᠢᠢᠳᠪᠦᠷᠢ ᠭᠠᠷᠭᠠᠭᠰᠠᠨ ᠪᠠᠶᠢᠨ᠎ᠠ ᠃ ᠥᠪᠡᠷ ᠢᠶᠡᠨ ᠴᠢᠳᠠᠪᠤᠷᠢ ᠲᠠᠶ ᠦᠶ᠎ᠡ ᠳ᠋ᠥ ᠨᠤᠲᠤᠭ ᠲᠤ ᠪᠠᠨ ᠬᠠᠷᠢᠵᠤ ᠡᠴᠢᠭᠡ ᠡᠬᠡ ᠪᠡᠨ ᠬᠠᠷᠠᠭᠠᠯᠵᠠᠵᠤ᠂ ᠠᠶᠢᠯ ᠲᠣᠰᠬᠣᠨ ᠳ᠋ᠠᠭᠠᠨ ᠪᠠᠭ᠎ᠠ ᠰᠠᠭ᠎ᠠ ᠠᠵᠢᠯ ᠬᠢᠵᠦ᠂ ᠣᠯᠠᠨ ‍ᠢ ᠳᠠᠶᠢᠴᠢᠯᠠᠨ ᠪᠠᠶᠠᠵᠢᠭᠤᠯᠬᠤ ᠶ᠋ᠢ ᠬᠦᠰᠡᠵᠦ ᠶᠠᠪᠣᠳᠠᠭ ᠪᠣᠣ ᠪᠠᠶᠠᠰᠬᠣᠯᠠᠩ 2017 ᠣᠨ ᠤ 7 ᠰᠠᠷ᠎ᠠ ᠳ᠋ᠤ ᠵᠡᠭᠦᠨ ᠬᠤᠯᠤᠰᠤᠲᠠᠶ ᠭᠠᠴᠠᠭ᠎ᠠ ᠳ᠋ᠤ ᠪᠠᠨ ᠪᠤᠴᠠᠵᠤ ᠨᠠᠢᠮᠠᠨ ᠬᠣᠰᠢᠭᠤᠨ ‍ᠤ ᠳ᠋ᠦᠡᠭ ᠹᠠ ᠲᠡᠵᠢᠭᠡᠪᠦᠷᠢ ᠶ᠋ᠢᠨ ᠲᠤᠰᠬᠠᠶ ᠬᠣᠷᠰᠢᠶᠠᠵᠢᠯ ᠪᠠᠶᠢᠭᠣᠯᠣᠨ ᠭᠠᠬᠠᠢ ᠳᠡᠵᠢᠬᠡᠵᠦ᠂ ᠠᠩᠬ᠎ᠠ ᠡᠬᠢᠨ ᠳ᠋ᠡᠭᠡᠨ ᠲᠣᠰᠬᠣᠨ ‍ᠤ ᠠᠷᠠᠳ ᠪᠦᠷ ᠡᠨᠡᠬᠦ ᠬᠢᠬᠦ ᠠᠷᠭ᠎ᠠ ᠶ᠋ᠢ ᠵᠥᠪᠰᠢᠶᠡᠷᠡᠬᠦ ᠦᠭᠡᠢ ᠪᠠᠶᠢᠵᠦ᠂ ᠣᠳᠣᠬᠠᠨ ᠳ᠋ᠥ ᠪᠣᠣ ᠪᠠᠶᠠᠰᠬᠣᠯᠠᠩ ‍ᠢ ᠬᠡᠯᠡᠪᠡᠯ᠂ ᠲᠣᠰᠬᠣᠨ ‍ᠤ ᠬᠥᠮᠦᠰ ᠪᠦᠷ ᠡᠷᠡᠬᠡᠢ ᠭᠠᠷᠭᠠᠨ ᠮᠠᠭᠳᠠᠵᠣ ᠪᠠᠶᠢᠳᠠᠭ ᠃

         ᠪᠣᠣ ᠪᠠᠶᠠᠰᠬᠣᠯᠠᠩ ᠪᠠᠰᠠ ᠵᠡᠭᠦᠨ ᠬᠤᠯᠤᠰᠤᠲᠠᠶ ᠭᠠᠴᠠᠭᠠᠨ ‍ᠤ ᠨᠢᠭᠲᠠᠯᠠᠨ ᠪᠤᠳᠤᠭᠴᠢ ᠶ᠋ᠢᠨ ᠠᠵᠢᠯ ‍ᠢ ᠬᠠᠷᠢᠭᠣᠴᠠᠵᠦ᠂ ᠥᠷᠯᠥᠭᠡ ᠪᠦᠷᠢ ᠲᠠᠪᠤᠨ ᠴᠠᠭ ᠬᠠᠭᠠᠰ ᠲᠤ ᠪᠣᠰᠴᠤ᠂ ᠭᠠᠬᠠᠶ ᠶ᠋ᠢᠨ ᠬᠠᠰᠢᠶ᠎ᠠ ᠪᠠᠨ ᠴᠡᠪᠡᠷᠯᠡᠵᠦ ᠂ ᠭᠠᠬᠠᠶ ᠪᠠᠨ ᠳᠡᠵᠢᠬᠡᠨ᠂ ᠨᠡᠢᠮᠠᠨ ᠴᠠᠭ ᠲᠤ ᠲᠣᠰᠬᠣᠨ ‍ᠤ ᠵᠦᠪᠯᠡᠯ ᠳ᠋ᠤ ᠬᠦᠷᠴᠦ ᠠᠵᠢᠯᠯᠠᠵᠣ᠂ ᠦᠳᠡ ᠳ᠋ᠦ ᠠᠵᠢᠯ ᠡᠴᠠ ᠪᠠᠨ ᠪᠠᠭᠤᠭᠰᠠᠨ ‍ᠤ ᠳᠠᠷᠠᠭ᠎ᠠ ᠪᠠᠰᠠ ᠭᠠᠬᠠᠶ ᠳ᠋ᠤ ᠪᠠᠨ ᠤᠰᠤ ᠣᠣᠭᠣᠯᠭᠠᠵᠣ᠂ ᠦᠳᠡ ᠶ᠋ᠢᠨ ᠬᠣᠶᠢᠨ᠎ᠠ ᠶ᠋ᠢᠨ ᠲᠠᠪᠤᠨ ᠴᠠᠭ ᠬᠠᠭᠠᠰ ᠲᠤ ᠪᠠᠰᠠ ᠨᠢᠭᠡ ᠤᠳᠠᠭ᠎ᠠ ᠭᠠᠬᠠᠶ ᠪᠠᠨ ᠲᠡᠵᠢᠭᠡᠨ᠎ᠡ᠂ ᠡᠨᠡ ᠪᠣᠯ ᠪᠣᠣ ᠪᠠᠶᠠᠰᠬᠣᠯᠠᠩ ‍ᠤᠨ ᠡᠳᠦᠷ ᠲᠤᠲᠤᠮ ‍ᠤᠨ ᠠᠵᠢᠯ ᠪᠠᠶᠢᠵᠣ᠂ ᠠᠵᠢᠯ ‍ᠤᠨ ᠴᠢᠯᠥᠭᠡ ᠪᠡᠷ ‍ᠢᠶ᠋ᠡᠨ ᠲᠡᠷᠡ ᠪᠠᠰᠠ ᠦᠷᠭᠦᠯᠵᠢ ᠭᠠᠴᠠᠭᠠᠨ ‍ᠤ ᠠᠷᠠᠳ ‍ᠤᠨ ᠭᠡᠷ ᠲᠦ ᠬᠦᠷᠴᠦ ᠭᠠᠬᠠᠶ ᠲᠡᠵᠢᠭᠡᠵᠦ ᠪᠠᠶᠢᠭ᠎ᠠ ᠪᠠᠶᠢᠳᠠᠯ ‍ᠢ ᠪᠠᠶᠢᠴᠠᠭᠠᠨ ᠦᠵᠡᠵᠦ᠂ ᠳᠡᠳᠡᠨᠦᠰ ‍ᠢ ᠬᠠᠪᠰᠤᠷᠤᠨ ᠭᠠᠬᠠᠶ ᠬᠣᠳᠠᠯᠳᠣᠬᠣ ᠵᠠᠮ ᠰᠣᠪᠠᠭ ‍ᠢ ᠡᠷᠢᠵᠦ ᠥᠭᠳᠡᠭ ᠃

       ᠣᠳᠣᠬᠠᠨ ᠳᠤ ᠳ᠋ᠦᠡᠭ ᠹᠠ ᠲᠡᠵᠢᠭᠡᠨ ᠦᠷᠡᠵᠢᠭᠦᠯᠬᠦ ᠲᠤᠰᠬᠠᠶ ᠬᠣᠷᠰᠢᠶᠠᠵᠢᠯ ᠳ᠋ᠥ ᠨᠡᠶᠢᠲᠡ 5 ᠡᠡᠭ ‍ᠤᠨ ᠡᠷᠦᠬᠡ᠂ 5 ᠶᠠᠳᠠᠭᠤ ᠬᠦᠴᠢᠷᠳᠡᠯᠲᠡᠶ ᠡᠷᠦᠬᠡ ᠣᠷᠣᠯᠴᠠᠵᠤ᠂ ᠨᠡᠶᠢᠲᠡ 80 ᠭᠠᠷᠤᠶ ᠭᠠᠬᠠᠶ ᠳᠡᠵᠢᠬᠡᠵᠦ᠂ ᠲᠡᠵᠢᠭᠡᠨ ᠦᠷᠡᠵᠢᠭᠦᠯᠬᠦ ᠡᠷᠦᠬᠡ ᠳ᠋ᠦ ᠮᠡᠭᠡᠵᠢ ᠬᠠᠡᠭᠭᠠᠬᠣ ᠪᠡᠷ ᠲᠠᠮᠵᠢᠨ᠂ ᠲᠡᠵᠢᠭᠡᠨ ᠦᠷᠡᠵᠢᠭᠦᠯᠬᠦ ᠡᠷᠦᠬᠡ ᠥᠪᠡᠰᠦᠪᠡᠨ ᠲᠡᠵᠢᠭᠡᠨ ᠦᠷᠡᠵᠢᠭᠦᠯᠵᠦ᠂ ᠬᠣᠷᠰᠢᠶᠠᠵᠢᠯ ᠡᠴᠠ ᠲᠣᠷᠣᠢ ᠵᠢ ᠬᠣᠷᠢᠶᠠᠨ ᠠᠪᠴᠤ ᠪᠣᠷᠣᠯᠠᠭᠣᠯᠵᠦ ᠂ ᠲᠠᠪᠤᠳᠤᠭᠠᠷ ᠰᠠᠷ᠎ᠠ ᠳ᠋ᠤ 50 ᠭᠠᠷᠣᠢ ᠲᠣᠯᠣᠭᠠᠢ ᠪᠣᠷᠣᠯᠠᠭᠣᠵᠦ᠂ ᠠᠵᠤ ᠠᠬᠤᠢ ᠶ᠋ᠢᠨ ᠦᠷ᠎ᠡ ᠠᠰᠢᠭ ᠤᠯᠠᠮ ᠡᠴᠠ ᠤᠯᠠᠮ ᠰᠠᠶᠢᠵᠢᠷᠠᠭᠰᠠᠨ ᠪᠠᠶᠢᠨ᠎ᠠ ᠃ ᠪᠣᠣ ᠪᠠᠶᠠᠰᠬᠣᠯᠠᠩ ᠡᠨᠡ ᠵᠢᠯ ᠦᠷᠭᠦᠯᠵᠢᠯᠡᠨ ᠬᠡᠪᠴᠢᠶ᠎ᠡ ᠪᠡᠨ ᠥᠷᠭᠡᠳᠬᠡᠵᠦ᠂ ᠥᠪᠡᠷ ‍ᠦᠨ ᠲᠡᠵᠢᠭᠡᠨ ᠦᠷᠡᠵᠢᠭᠦᠯᠬᠦ ᠮᠡᠷᠭᠡᠵᠢᠯ ‍ᠦᠨ ᠳᠠᠪᠠᠭᠤᠯᠢᠭ ᠢᠶᠡᠨ ᠪᠠᠳᠠᠷᠠᠭᠤᠯᠵᠤ᠂ ᠣᠶᠢᠷ᠎ᠠ ᠬᠠᠪᠢ ᠶ᠋ᠢᠨ ᠲᠣᠰᠬᠣᠨ ‍ᠤ ᠠᠷᠠᠳ ᠢᠶᠡᠨ ᠳᠠᠭᠠᠭᠤᠯᠤᠨ ᠲᠡᠵᠢᠭᠡᠨ ᠦᠷᠡᠵᠢᠭᠦᠯᠬᠦ ᠣᠶᠢᠯᠡᠰ ‍ᠢ ᠬᠦᠭᠵᠢᠭᠦᠯᠵᠦ ᠣᠷᠣᠯᠭ᠎ᠠ ᠪᠠᠨ ᠨᠡᠮᠡᠭᠳᠡᠭᠦᠯᠬᠦ ᠵᠠᠮ ᠢᠶᠠᠷ ᠵᠠᠮᠨᠠᠭᠣᠯᠬᠣ ᠪᠠᠷ ᠢᠳᠡᠭᠡᠯ ᠲᠠᠭᠦᠯᠳᠡᠷ ᠪᠠᠶᠢᠨ᠎ᠠ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ