ᠮᠠᠨ ᠤ ᠬᠣᠰᠢᠭᠣ 《 ᠤᠭ ᠰᠠᠨᠠᠭ᠎ᠠ ᠪᠠᠨ ᠮᠠᠷᠳᠠᠯ ᠦᠭᠡᠢ ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ 》 ᠲᠤᠰᠬᠠᠶ ᠰᠡᠳᠦᠪᠲᠦ ᠨᠠᠮ ‍ᠤᠨ ᠬᠢᠴᠢᠶᠡᠯ ᠶᠠᠪᠣᠭᠳᠠᠭᠣᠯᠣᠭᠰᠠᠨ

ᠣᠩᠰᠢᠭᠰᠠᠨ ᠤᠳᠠᠭ᠎ᠠ ᠄ 1759     ᠨᠡᠶᠢᠳᠡᠯᠡᠭᠰᠡᠨ ᠴᠠᠭ ᠄ 2019/7/11 16:23:17


        7 ᠳ᠋ᠣᠭᠠᠷ ᠰᠠᠷ᠎ᠠ ᠶ᠋ᠢᠨ 9 ‍ᠦ ᠦᠳᠡ ᠡᠮᠦᠨ᠎ᠡ ᠂ ᠪᠦᠬᠦ ᠬᠣᠰᠢᠭᠤᠨ ‍ᠤ ᠡᠯ᠎ᠡ ᠭᠠᠵᠠᠷ ᠡᠯ᠎ᠡ ᠰᠠᠯᠠᠭ᠎ᠠ ᠮᠥᠴᠢᠷ ‍ᠦᠨ 1500 ᠭᠠᠷᠣᠢ ᠨᠠᠮ ‍ᠤᠨ ᠭᠡᠰᠢᠭᠦᠨ ᠺᠠᠳ᠋ᠷ ᠨᠢᠭᠡ ᠲᠠᠩᠬᠢᠮ ᠳ᠋ᠤ ᠴᠤᠭᠯᠠᠷᠠᠵᠤ ᠂ ᠬᠣᠰᠢᠭᠣᠨ ᠤ ᠨᠠᠮ ‍ᠤᠨ ᠬᠣᠷᠢᠶᠠᠨ ‍ᠤ ᠵᠣᠬᠢᠶᠠᠨ ᠪᠠᠶᠢᠭᠤᠯᠬᠤ ᠬᠡᠯᠲᠡᠰ ᠡᠴᠡ ᠡᠷᠬᠢᠯᠡᠭᠰᠡᠨ 《 ᠤᠭ ᠰᠠᠨᠠᠭ᠎ᠠ ᠪᠠᠨ ᠮᠠᠷᠳᠠᠯ ᠦᠭᠡᠢ ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ 》 ᠲᠤᠰᠬᠠᠶ ᠰᠡᠳᠦᠪᠲᠦ ᠨᠠᠮ ‍ᠤᠨ ᠬᠢᠴᠢᠶᠡᠯ ‍ᠢ ᠬᠦᠯᠢᠶᠡᠨ ᠰᠣᠨᠣᠰᠣᠭᠰᠠᠨ ᠪᠠᠶᠢᠨ᠎ᠠ ᠃   

       ᠭᠣᠣᠯ ᠲᠠᠶᠢᠯᠪᠣᠷᠢᠯᠠᠭᠴᠢ ᠯᠢ ᠸᠸᠨ ᠵᠢᠩ ᠪᠣᠯᠤᠨ ᠪᠠᠶ ᠰᠢᠤᠸᠠᠢ ᠶᠠᠨ ᠣᠬᠣᠷ ᠹᠢᠯᠢᠮ ᠪᠣᠯᠤᠨ PPT ᠲᠠᠶ ᠬᠠᠪᠰᠣᠷᠭᠠᠨ ᠂ ᠨᠠᠮ ‍ᠤᠨ ᠬᠢᠴᠢᠶᠡᠯ ᠨᠢ ᠠᠮᠢᠳᠤᠯᠢᠭ ᠦᠯᠢᠭᠡᠷ ᠦᠢᠯᠡ ᠶᠠᠪᠤᠳᠠᠯ ᠪᠠ ᠬᠥᠮᠦᠰ ‍ᠦᠨ ᠰᠡᠳᠬᠢᠯ ‍ᠢ ᠳᠣᠭᠳᠣᠯᠤᠭᠤᠯᠤᠮ᠎ᠠ ᠳᠦᠷᠢ ᠲᠥᠷᠬᠦ ᠪᠡᠷ ᠳᠠᠮᠵᠢᠨ ᠂ ᠵᠣᠬᠢᠶᠠᠨ ᠪᠠᠶᠢᠭᠣᠯᠣᠯᠳᠠ ᠳ᠋ᠤ ᠬᠡᠷᠬᠢᠨ ᠬᠠᠨᠳᠤᠬᠤ ᠂ ᠨᠥᠬᠥᠳ ᠲᠤ ᠪᠠᠨ ᠬᠡᠷᠬᠢᠨ ᠬᠠᠨᠳᠤᠬᠤ ᠂ ᠭᠡᠷ ‍ᠦᠨ ᠬᠥᠮᠦᠰ ᠲᠤ ᠪᠠᠨ ᠬᠡᠷᠬᠢᠨ ᠬᠠᠨᠳᠤᠬᠤ ᠵᠡᠷᠭᠡ ᠭᠤᠷᠪᠠᠨ ᠬᠡᠮᠵᠢᠴᠡ ᠡᠴᠠ ᠠᠯᠭᠤᠷ ᠶᠠᠪᠣᠭᠳᠠᠭᠰᠠᠨ ᠪᠠᠶᠢᠨ᠎ᠠ ᠃ ᠬᠣᠰᠢᠭᠤᠨ ‍ᠤ ᠣᠢ ᠰᠢᠭᠤᠶ ᠨᠣᠳᠣᠭ ᠪᠡᠯᠴᠢᠭᠡᠷ ‍ᠦᠨ ᠲᠣᠪᠴᠢᠶᠠᠨ ‍ᠤ ᠪᠠᠶᠢᠰᠢᠩᠳᠣ ᠪᠠᠯᠭᠠᠰᠣᠨ ᠤ ᠣᠢ ᠰᠢᠭᠤᠶ ᠶ᠋ᠢᠨ ᠲᠠᠯᠠᠪᠠᠢ ᠶ᠋ᠢᠨ ᠠᠵᠢᠯᠲᠠᠨ ᠸᠠᠩ ᠬᠣᠩ ᠵᠢᠶᠦ᠋ᠨ ᠶᠠᠷᠢᠭᠰᠠᠨ ᠨᠢ᠄《ᠨᠠᠮ ᠳ᠋ᠤ ᠣᠷᠣᠭᠠᠳ 20 ᠵᠢᠯ ᠪᠣᠯᠵᠤ ᠪᠠᠶᠢᠭ᠎ᠠ ᠠᠬᠠᠮᠠᠳ ᠨᠠᠮ ‍ᠤᠨ ᠭᠡᠰᠢᠭᠦᠨ ᠪᠣᠯᠤᠭᠰᠠᠨ ‍ᠤ ᠬᠤᠪᠢ ᠳ᠋ᠤ ᠂ ᠨᠠᠮ ‍ᠤᠨ ᠬᠢᠴᠢᠶᠡᠯ ‍ᠢ ᠰᠣᠨᠣᠰᠤᠭᠰᠠᠨ ‍ᠤ ᠳᠠᠷᠠᠭ᠎ᠠ ᠂ ᠣᠨᠴᠠᠭᠠᠢ ᠰᠡᠳᠬᠢᠯ ᠳᠣᠭᠳᠣᠯᠵᠤ ᠂ ᠲᠤᠶᠢᠯ ᠢᠶᠠᠷ ᠤᠷᠮᠠᠰᠢᠨ ᠵᠣᠷᠢᠭᠵᠢᠪᠠ ᠃ ᠨᠠᠮ ‍ᠤᠨ ᠬᠢᠴᠢᠶᠡᠯ ‍ᠦᠨ ᠪᠠᠭᠠᠳᠣᠷᠯᠢᠭ ᠬᠥᠮᠦᠰ ᠂ ᠠᠬᠠᠮᠠᠳ ᠬᠤᠪᠢᠰᠬᠠᠯᠴᠢ ᠠᠬᠠᠮᠠᠳ ᠴᠡᠷᠢᠭ ᠂ ᠮᠠᠨ ‍ᠤ ᠳᠡᠷᠭᠡᠳᠡᠬᠢ ᠦᠯᠢᠭᠡᠷ ᠳᠠᠭᠤᠷᠢᠶᠠᠯ ᠪᠣᠯ ᠴᠥᠮ ᠮᠠᠨ ‍ᠤ ᠰᠤᠷᠤᠯᠴᠠᠬᠤ ᠦᠯᠢᠭᠡᠷ ᠳᠠᠭᠤᠷᠢᠶᠠᠯ ᠪᠠᠶᠢᠵᠣ ᠂ ᠡᠨᠡ ᠨᠢ ᠮᠠᠨ ‍ᠤ ᠬᠣᠶᠢᠰᠢᠳᠠ ᠶ᠋ᠢᠨ ᠠᠵᠢᠯ ᠳ᠋ᠤ ᠲᠣᠶᠢᠯ ‍ᠤᠨ ᠬᠦᠴᠦᠲᠡᠶ ᠬᠥᠳᠡᠯᠭᠡᠬᠦ ᠬᠦᠴᠦᠨ ᠣᠯᠭᠣᠬᠣ ᠪᠣᠯᠣᠨ᠎ᠠ》ᠭᠡᠵᠡᠢ ᠃

      ᠲᠥᠪᠡᠳ ‍ᠢ ᠴᠢᠯᠥᠭᠡᠯᠡᠬᠦ ᠶ᠋ᠢᠨ ᠲᠥᠯᠥᠭᠡ ᠂ ᠬᠣᠶᠠᠳᠤᠭᠠᠷ ᠬᠡᠭᠡᠷᠡᠯᠡᠨ ᠪᠠᠶᠢᠯᠳᠤᠬᠤ ᠴᠡᠷᠢᠭ ᠤᠨ ᠲᠠᠪᠤᠳᠤᠭᠠᠷ ᠬᠣᠷᠢᠶᠠᠨ ‍ᠤ 18 ᠳ᠋ᠤᠭᠠᠷ ᠠᠷᠮᠢ ᠳᠠᠪᠬᠤᠷ ᠳᠠᠪᠬᠤᠷ ᠬᠦᠴᠢᠷ ᠪᠡᠷᠬᠡᠰᠢᠶᠡᠯ ‍ᠢ ᠢᠯᠠᠨ ᠳᠠᠪᠠᠵᠤ ᠂ ᠨᠠᠮ ‍ᠤᠨ ᠲᠥᠪ ᠬᠣᠷᠢᠶᠠᠨ ‍ᠤ ᠵᠠᠷᠯᠢᠭ ‍ᠢ ᠡᠷᠡᠰ ᠳᠠᠭᠠᠪᠠ ᠃ ᠳᠠᠷᠤᠭ᠎ᠠ ᠪᠠᠶᠢᠯᠳᠤᠭᠴᠢᠳ ‍ᠤᠨ ᠦᠵᠡᠯ ᠰᠠᠨᠠᠭᠠᠨ ‍ᠤ ᠠᠵᠢᠯ ‍ᠢ ᠰᠠᠶᠢᠲᠤᠷ ᠬᠢᠬᠦ ᠶ᠋ᠢᠨ ᠲᠥᠯᠥᠭᠡ ᠠᠷᠮᠢ ᠶ᠋ᠢᠨ ᠳᠠᠷᠤᠭ᠎ᠠ ᠵᠠᠩ ᠭᠦᠸᠧ ᠬᠤᠸᠠ ᠪᠦᠬᠦ ᠭᠡᠷ ‍ᠢᠶ᠋ᠡᠷ ‍ᠢᠶ᠋ᠡᠨ ᠲᠥᠪᠡᠳ ᠲᠦ ᠬᠦᠷᠦᠭᠰᠡᠨ ᠪᠠᠶᠢᠨ᠎ᠠ ᠃ ᠲᠤᠬᠠᠶ ᠶ᠋ᠢᠨ ᠦᠶ᠎ᠡ ᠳ᠋ᠥ ᠥᠬᠢᠨ ᠨᠠᠨ ᠨᠠᠨ ᠨᠢ ᠠᠭᠤᠰᠬᠢᠨ ᠦᠷᠪᠢᠰᠦᠯ ᠳ᠋ᠥ ᠨᠡᠷᠪᠡᠭᠳᠡᠵᠣ ᠂ ᠡᠮᠨᠡᠯᠭᠡ ᠶ᠋ᠢᠨ ᠨᠥᠬᠥᠴᠡᠯ ᠠᠨᠠᠢ ᠡᠴᠡ ᠪᠣᠯᠵᠣ ᠂ ᠲᠥᠪᠡᠳ ᠲᠦ ᠪᠡᠶ᠎ᠡ ᠦᠷᠡᠭᠳᠡᠭᠰᠡᠨ ᠠᠩᠬᠠᠨ ‍ᠤ ᠬᠥᠮᠦᠨ ᠪᠣᠯᠵᠠᠶ ᠃ ᠵᠠᠩ ᠭᠦᠸᠧ ᠬᠤᠸᠠ ᠶ᠋ᠢᠨ ᠪᠠᠭ᠎ᠠ ᠥᠬᠢᠨ ᠵᠠᠩ ᠰᠢᠶᠣᠣ ᠺᠠᠩ ‍ᠤᠨ ᠬᠡᠯᠡᠬᠦ ᠪᠡᠷ ᠂ ᠡᠩ ‍ᠦᠨ  ᠦᠶ᠎ᠡ ᠳ᠋ᠤ ᠠᠪᠤ᠋ ᠡᠵᠢ ᠨᠢ ᠡᠭᠡᠴᠢ ᠨᠠᠨ ᠨᠠᠨ ᠤ ᠬᠢᠨ ᠲᠣᠬᠠᠢ ᠶᠡᠷᠦ ᠡᠴᠡ ᠶᠠᠷᠢᠬᠣ ᠦᠭᠡᠢ ᠪᠠᠶᠢᠵᠣ ᠂ 2011 ᠣᠨ ᠳ᠋ᠤ ᠡᠵᠢ ᠹᠠᠨ ᠵᠢᠨ ᠵᠧᠨ ᠨᠢ ᠬᠦᠨᠳᠦ ᠡᠪᠡᠳᠴᠢᠯᠡᠭᠡᠳ ᠂ ᠨᠠᠰᠣ ᠪᠠᠷᠠᠬᠣ ᠦᠶ᠎ᠡ ᠳ᠋ᠥ ᠪᠠᠨ ᠦᠬᠡᠯᠡᠢ ᠬᠡᠦᠬᠡᠨ ᠨᠠᠨ ᠨᠠᠨ ᠢᠶᠡᠨ ᠳᠣᠷᠠᠰᠴᠣ ᠪᠠᠶᠢᠭᠰᠠᠨ ᠂ ᠡᠨᠳᠡ ᠬᠦᠷᠲᠡᠯ᠎ᠡ ᠶᠠᠷᠢᠬᠤ ᠳ᠋ᠤ ᠂ ᠳᠠᠶᠢᠰᠠᠨ ᠳᠣᠤᠷᠠᠬᠢ ᠦᠵᠡᠭᠴᠢᠳ ᠨᠢᠯᠪᠤᠰᠤ ᠮᠡᠯᠲᠡᠭᠡᠨᠡᠭᠦᠯᠦᠨ ᠂ ᠵᠠᠷᠢᠮ ᠬᠦᠮᠦᠰ ᠪᠠᠰᠠ ᠳᠣᠤᠷ᠎ᠠ ᠳᠠᠭᠤᠨ ᠢᠶᠠᠷ ᠤᠬᠢᠯᠠᠵᠤ ᠪᠠᠶᠢᠯ᠎ᠠ ᠃ ᠬᠣᠰᠢᠭᠣᠨ ᠤ ᠨᠠᠮ ‍ᠤᠨ ᠬᠣᠷᠢᠶᠠᠨ ‍ᠤ ᠵᠣᠬᠢᠶᠠᠨ ᠪᠠᠶᠢᠭᠤᠯᠬᠤ ᠬᠡᠯᠲᠡᠰ ‍ᠦᠨ ᠭᠣᠣᠯ ᠳᠠᠶᠢᠯᠪᠣᠷᠢᠯᠠᠭᠴᠢ ᠯᠢ ᠸᠸᠨ ᠵᠢᠩ ᠄《 ᠡᠨᠡ ᠤᠳᠠᠭᠠᠨ ‍ᠤ ᠨᠠᠮ ‍ᠤᠨ ᠬᠢᠴᠢᠶᠡᠯ ‍ᠢ ᠬᠠᠭᠠᠰ ᠰᠠᠷ᠎ᠠ ᠭᠠᠷᠤᠶ ᠪᠡᠯᠡᠳᠬᠡᠵᠦ ᠂ ᠡᠵᠢ ᠪᠣᠯᠤᠭᠰᠠᠨ ‍ᠤ ᠬᠤᠪᠢ ᠳ᠋ᠤ ᠂ ᠣᠨᠴᠠᠭᠠᠶᠢᠯᠠᠨ 《 ᠨᠠᠨ ᠨᠠᠨ 》 ᠤ ᠦᠢᠯᠡ ᠶᠠᠪᠤᠳᠠᠯ ᠳ᠋ᠤ ᠰᠡᠳᠬᠢᠯ ᠳᠣᠭᠳᠣᠯᠤᠨ ᠂ ᠡᠬᠡ ᠪᠢᠴᠢᠭ ᠤᠩᠰᠢᠬᠤ ᠳ᠋ᠥ ᠪᠠᠨ ᠴᠤ ᠰᠡᠳᠬᠢᠯ ᠳᠣᠭᠳᠣᠯᠵᠤ ᠪᠠᠶᠢᠯ᠎ᠠ ᠃ ᠣᠯᠠᠨ ᠢᠶᠠᠷ ᠢᠶᠡᠨ ᠡᠨᠡ ᠬᠢᠴᠢᠶᠡᠯ ‍ᠢᠶ᠋ᠡᠷ ᠲᠠᠮᠵᠢᠨ ᠂ ᠤᠭ ᠰᠠᠨᠠᠭ᠎ᠠ ᠪᠠᠨ ᠮᠠᠷᠳᠠᠯ ᠦᠭᠡᠢ ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠣ ᠂ ᠣᠯᠣᠰ ᠠᠷᠠᠳ ᠲᠦᠮᠡᠨ ᠳ᠋ᠥ ᠂ ᠠᠮᠢ ᠪᠡᠶ᠎ᠡ ᠪᠡᠨ ᠦᠷᠡᠭᠳᠡᠭᠦᠯᠬᠦ ᠵᠣᠷᠢᠭ ᠰᠠᠨᠠᠭ᠎ᠠ ᠶ᠋ᠢ ᠬᠦᠰᠡᠵᠦ ᠪᠠᠶᠢᠨ᠎ᠠ》ᠭᠡᠵᠡᠢ ᠃

        ᠪᠦᠬᠦ ᠤᠯᠤᠰ ᠤᠨ ᠰᠢᠯᠢᠳᠡᠭ ᠡᠪ ᠬᠠᠮᠲᠤ ᠨᠠᠮ ‍ᠤᠨ ᠭᠡᠰᠢᠭᠦᠨ ᠵᠠᠩ ᠹᠦ᠋ ᠴᠢᠩ 60 ᠭᠠᠷᠣᠢ ᠵᠢᠯ ‍ᠤᠨ ᠳᠣᠷᠰᠢ ᠭᠠᠪᠢᠶ᠎ᠠ ᠵᠢᠳᠬᠦᠯ ᠪᠣᠯᠤᠨ ᠨᠡᠷ᠎ᠡ ᠠᠯᠳᠠᠷ ᠢᠶᠡᠨ ᠨᠢᠭᠤᠵᠤ ᠂ ᠤᠭ ᠰᠠᠨᠠᠭ᠎ᠠ ᠪᠠᠨ ᠮᠠᠷᠳᠠᠯ ᠦᠭᠡᠢ ᠪᠠᠷᠢᠮᠳᠠᠯᠠᠭᠰᠠᠨ ᠪᠠᠶᠢᠨ᠎ᠠ ᠃ ᠳᠡᠷᠡ ᠴᠡᠷᠢᠭ ᠡᠴᠡ ᠬᠠᠯᠠᠭᠳᠠᠭᠰᠠᠨ ‍ᠤ ᠳᠠᠷᠠᠭ᠎ᠠ ᠨᠤᠲᠤᠭ ᠲᠣ ᠪᠠᠨ ᠪᠤᠴᠠᠭᠰᠠᠨ ᠦᠭᠡᠢ ᠂ ᠬᠠᠷᠢᠨ ᠪᠤᠢᠳᠠ ᠪᠥᠭᠯᠡᠭᠦᠦ ᠬᠤᠪᠸᠢ ᠮᠤᠵᠢ ᠶ᠋ᠢᠨ ᠯᠠᠶ ᠹᠧᠩ ᠰᠢᠶᠠᠨ ᠳ᠋ᠤ ᠬᠦᠷᠴᠦ ᠂ ᠨᠤᠲᠤᠭ ‍ᠤᠨ ᠠᠬ᠎ᠠ ᠳᠡᠭᠦᠦ ᠨᠡᠷ ‍ᠢᠶ᠋ᠡᠨ ᠳᠠᠭᠠᠭᠤᠯᠤᠨ ᠠᠭᠤᠯᠠ ᠶ᠋ᠢ ᠳᠡᠯᠪᠡᠴᠢᠵᠦ ᠂ ᠵᠠᠮ ᠵᠠᠰᠠᠨ ᠬᠥᠭᠥᠷᠭᠡ ᠲᠡᠪᠢᠰᠦᠭᠰᠡᠨ ᠪᠠᠶᠢᠨ᠎ᠠ ᠃ ᠬᠣᠰᠢᠭᠣᠨ ᠤ ᠨᠠᠮ ‍ᠤᠨ ᠬᠣᠷᠢᠶᠠᠨ ‍ᠤ ᠨᠠᠮ ‍ᠤᠨ ᠰᠤᠷᠭᠠᠭᠤᠯᠢ ᠶ᠋ᠢᠨ ᠲᠠᠶᠢᠯᠪᠣᠷᠢᠯᠠᠭᠴᠢ ᠯᠢ ᠶᠠᠨ ᠄《 ᠡᠩ ᠲᠡᠷᠢᠭᠦᠨ ᠳ᠋ᠦ ᠬᠡᠯᠪᠡᠷᠢ ᠳᠡᠭᠡᠷ᠎ᠡ ᠪᠡᠨ ᠠᠪᠴᠤ ᠬᠡᠯᠡᠪᠡᠯ ᠮᠠᠰᠢ ᠰᠢᠨ᠎ᠡ ᠰᠡᠪᠡᠭᠦᠨ ᠂ ᠳᠠᠭᠤᠤ ᠬᠥᠭᠵᠢᠮ ᠲᠡᠶ ᠂ ᠪᠣᠳᠠᠲᠠᠶ ᠵᠢᠱᠢᠶ᠎ᠡ ᠲᠡᠶ ᠃ ᠪᠦᠬᠦᠯᠢ ᠨᠢᠭᠡ ᠴᠠᠭ ᠬᠠᠭᠠᠰ ‍ᠤᠨ ᠲᠣᠳᠣᠷ᠎ᠠ ᠂ ᠮᠢᠨᠦ ᠲᠦᠷᠦᠭᠳᠡᠯ ᠶᠡᠭᠡ ᠪᠠᠶᠢᠵᠣ ᠂ ᠬᠡᠳᠦᠨᠳᠡ ᠨᠢᠯᠪᠤᠰᠤ ᠣᠨᠠᠭᠠᠵᠠᠢ ᠃ ᠪᠢ ᠪᠠᠭᠰᠢ ᠪᠣᠯᠣᠭᠰᠠᠨ ᠤ ᠬᠣᠪᠢ ᠡᠴᠠ ᠠᠪᠴᠤ ᠬᠡᠯᠡᠪᠡᠯ ᠂ ᠡᠨᠡ ᠤᠳᠠᠭᠠᠨ ‍ᠤ ᠨᠠᠮ ‍ᠤᠨ ᠬᠢᠴᠢᠶᠡᠯ ᠪᠢᠳᠡᠨ ᠳ᠋ᠦ ᠯᠠᠪᠯᠠᠯᠲᠠ ᠬᠠᠩᠭᠠᠵᠤ ᠂ ᠪᠢᠳᠡᠨ ‍ᠦ ᠬᠣᠶᠢᠰᠢᠳᠠ ᠶ᠋ᠢᠨ ᠬᠢᠴᠢᠶᠡᠯ ᠣᠷᠣᠬᠤ ᠳ᠋ᠤ ᠨᠠᠩ ᠣᠯᠠᠨ ᠰᠢᠨ᠎ᠡ ᠰᠡᠪᠡᠭᠦᠨ ᠬᠡᠯᠪᠡᠷᠢ ᠶ᠋ᠢ ᠬᠠᠩᠭᠠᠨ ᠂ ᠡᠨᠡ ᠨᠢ ᠮᠥᠨ ᠴᠦ ᠨᠢᠭᠡᠨ ᠮᠠᠰᠢ ᠰᠠᠶᠢᠨ ᠰᠤᠷᠤᠯᠴᠠᠬᠤ ᠲᠣᠬᠢᠶᠠᠯ ᠪᠣᠯᠬᠤ ᠶᠤᠮ》 ᠃

       ᠬᠢᠴᠢᠶᠡᠯ ᠤᠨ ᠡᠴᠦᠰ ᠲᠤ ᠂ ᠪᠦᠭᠦᠳᠡᠭᠡᠷ ᠪᠣᠰᠴᠤ ᠵᠣᠭᠰᠣᠨ ᠂ 《 ᠡᠪ ᠬᠠᠮᠲᠤ ᠨᠠᠮ ᠦᠭᠡᠢ ᠪᠣᠯ ᠰᠢᠨ᠎ᠡ ᠳᠤᠮᠳᠠᠳᠤ ᠤᠯᠤᠰ ᠪᠠᠶᠢᠬᠣ ᠦᠭᠡᠢ 》 ᠭᠡᠬᠦ ᠬᠠᠮᠳᠣ ᠶ᠋ᠢᠨ ᠲᠠᠭᠣᠨ ᠳ᠋ᠥ ᠬᠣᠶᠠᠷ ᠴᠠᠭ ᠤᠨ ᠨᠠᠮ ᠤᠨ ᠬᠢᠴᠢᠶᠡᠯ ᠢᠶᠡᠨ ᠦᠨᠳᠦᠷᠯᠡᠬᠦᠯᠦᠭᠰᠡᠨ ᠪᠠᠶᠢᠨ᠎ᠠ ᠃ ᠬᠣᠰᠢᠭᠣᠨ ᠤ ᠨᠠᠮ ‍ᠤᠨ ᠬᠣᠷᠢᠶᠠᠨ ‍ᠤ ᠵᠣᠬᠢᠶᠠᠨ ᠪᠠᠶᠢᠭᠤᠯᠬᠤ ᠬᠡᠯᠲᠡᠰ ‍ᠦᠨ ᠪᠠᠶᠢᠩᠭᠤ ᠶ᠋ᠢᠨ ᠳᠡᠳ᠋ ᠳᠠᠷᠤᠭ᠎ᠠ ᠾᠦ ᠵᠢᠶᠠᠨ ᠭᠦᠸᠧ ᠄《 ᠨᠠᠮ ᠪᠠᠶᠢᠭᠣᠯᠣᠭᠳᠠᠭᠰᠠᠨ 98 ᠵᠢᠯ ‍ᠦᠨ ᠣᠢ ᠳ᠋ᠥ ᠂ ᠬᠣᠰᠢᠭᠣᠨ ᠤ ᠨᠠᠮ ‍ᠤᠨ ᠬᠣᠷᠢᠶᠠᠨ ‍ᠤ ᠵᠣᠬᠢᠶᠠᠨ ᠪᠠᠶᠢᠭᠤᠯᠬᠤ ᠬᠡᠯᠲᠡᠰ ᠡᠨᠡᠬᠦ ᠲᠤᠰᠬᠠᠶ ᠰᠡᠳᠦᠪᠲᠦ ᠨᠠᠮ ‍ᠤᠨ ᠬᠢᠴᠢᠶᠡᠯ ᠦᠷᠨᠢᠭᠦᠯᠦᠭᠰᠡᠨ ᠵᠣᠷᠢᠯᠭ᠎ᠠ ᠪᠣᠯ ᠳᠠᠷᠤᠶ ᠪᠦᠬᠦ ᠬᠣᠰᠢᠭᠤᠨ ‍ᠤ ᠥᠷᠭᠡᠨ ᠣᠯᠠᠨ ᠨᠠᠮ ‍ᠤᠨ ᠭᠡᠰᠢᠭᠦᠨ ᠺᠠᠳ᠋ᠷ ‍ᠢ ᠬᠥᠮᠦᠵᠢᠭᠦᠯᠦᠨ ᠵᠢᠯᠣᠭᠣᠳᠴᠤ ᠂ ᠤᠭ ᠰᠠᠨᠠᠭ᠎ᠠ ᠪᠠᠨ ᠡᠷᠬᠢᠴᠡᠭᠦᠯᠦᠨ ᠂ ᠤᠭ ᠰᠠᠨᠠᠭ᠎ᠠ ᠪᠠᠨ ᠪᠠᠷᠢᠮᠳᠠᠯᠠᠵᠣ ᠂ ᠤᠭ ᠰᠠᠨᠠᠭ᠎ᠠ ᠪᠠᠨ ᠦᠢᠯᠡᠳᠦᠯᠬᠡᠵᠢᠬᠦᠯᠦᠨ ᠂ ᠪᠦᠬᠦ ᠬᠣᠰᠢᠭᠤᠨ ‍ᠤ ᠴᠢᠨᠠᠷ ᠰᠠᠶᠢᠲᠠᠶ ᠬᠥᠭᠵᠢᠯᠲᠡ ᠳ᠋ᠦ ᠬᠦᠴᠦᠨ ᠴᠢᠳᠠᠯ ᠨᠡᠮᠡᠷᠢᠯᠡᠬᠦ ᠪᠣᠯᠣᠨ᠎ᠠ》 ᠃
ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ