ᠳᠤᠮᠳᠠᠳᠤ ᠤᠯᠤᠰ ‍ᠤᠨ ᠡᠪ ᠬᠠᠮᠲᠤ ᠨᠠᠮ ᠪᠠᠶᠢᠭᠣᠯᠣᠭᠳᠠᠭᠰᠠᠨ 98 ᠵᠢᠯ ‍ᠦᠨ ᠣᠢ ᠶ᠋ᠢ ᠪᠡᠯᠭᠡᠯᠡᠬᠦ ᠵᠢᠴᠢ 《 ᠤᠭ ᠰᠠᠨᠠᠭ᠎ᠠ ᠪᠠᠨ ᠮᠠᠷᠳᠠᠯ ᠦᠬᠡᠢ ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ 》 ᠭᠣᠤᠯ ᠰᠡᠳᠦᠪᠲᠦ ᠬᠥᠮᠦᠵᠢᠯ ‍ᠤᠨ ᠰᠤᠷᠤᠯᠴᠠᠨ ᠤᠬᠠᠭᠤᠯᠬᠤ ᠶᠡᠬᠡ ᠬᠤᠷᠠᠯ ᠶᠠᠪᠣᠭᠳᠠᠭᠰᠠᠨ

ᠣᠩᠰᠢᠭᠰᠠᠨ ᠤᠳᠠᠭ᠎ᠠ ᠄ 203     ᠨᠡᠶᠢᠳᠡᠯᠡᠭᠰᠡᠨ ᠴᠠᠭ ᠄ 2019/7/6 15:20:24

 

        7 ᠳ᠋ᠣᠭᠠᠷ ᠰᠠᠷ᠎ᠠ ᠶ᠋ᠢᠨ 1 ‍ᠦ ᠡᠳᠦᠷ ᠂ ᠮᠠᠨ ‍ᠤ ᠬᠣᠰᠢᠭᠤ ᠳᠤᠮᠳᠠᠳᠤ ᠤᠯᠤᠰ ‍ᠤᠨ ᠡᠪ ᠬᠠᠮᠲᠤ ᠨᠠᠮ ᠪᠠᠶᠢᠭᠤᠯᠤᠭᠳᠠᠭᠰᠠᠨ 98 ᠵᠢᠯ ‍ᠦᠨ ᠤᠢ ᠶ᠋ᠢ ᠪᠡᠯᠭᠡᠯᠡᠬᠦ ᠵᠢᠴᠢ 《 ᠤᠭ ᠰᠠᠨᠠᠭ᠎ᠠ ᠪᠠᠨ ᠮᠠᠷᠳᠠᠯ ᠦᠬᠡᠢ ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ 》 ᠭᠣᠤᠯ ᠰᠡᠳᠦᠪᠲᠦ ᠬᠥᠮᠦᠵᠢᠯ ‍ᠤᠨ ᠰᠤᠷᠤᠯᠴᠠᠨ ᠤᠬᠠᠭᠤᠯᠬᠤ ᠶᠡᠬᠡ ᠬᠤᠷᠠᠯ ᠶᠠᠪᠣᠭᠳᠠᠭᠣᠯᠵᠣ ᠂ ᠬᠣᠰᠢᠭᠤᠨ ‍ᠤ ᠨᠠᠮ ‍ᠤᠨ ᠬᠣᠷᠢᠶᠠᠨ ‍ᠤ ᠱᠦᠵᠢ ᠵᠠᠩ ᠬᠤᠸᠠ ᠬᠤᠷᠠᠯ ᠳ᠋ᠤ ᠣᠷᠣᠯᠴᠠᠬᠣ ᠶ᠋ᠢᠨ ᠬᠠᠮᠳᠣ ᠶᠠᠷᠢᠶ᠎ᠠ ᠲᠠᠯᠪᠢᠵᠤ ᠂ ᠬᠣᠰᠢᠭᠤᠨ ‍ᠤ ᠨᠠᠮ ‍ᠤᠨ ᠬᠣᠷᠢᠶᠠᠨ ‍ᠤ ᠳᠡᠳ᠋ ᠱᠦᠵᠢ ᠂ ᠬᠣᠰᠢᠭᠤᠨ ᠳᠠᠷᠤᠭ᠎ᠠ ᠪᠦᠷᠢᠨ ᠬᠤᠷᠠᠯ ‍ᠢ ᠡᠷᠬᠢᠯᠡᠭᠰᠡᠨ ᠪᠠᠶᠢᠨ᠎ᠠ ᠃

        ᠬᠤᠷᠠᠯ ᠳᠡᠭᠡᠷ᠎ᠡ ᠪᠦᠬᠦ ᠬᠣᠰᠢᠭᠤᠨ ‍ᠤ 30 ᠨᠡᠷᠡᠰ ᠰᠢᠯᠢᠳᠡᠭ ᠡᠪ ᠬᠠᠮᠲᠤ ᠨᠠᠮ ‍ᠤᠨ ᠭᠡᠰᠢᠭᠦᠨ ᠂ 29 ᠨᠡᠷᠡᠰ ᠰᠢᠯᠢᠳᠡᠭ ᠠᠵᠢᠯᠲᠠᠨ ᠂ 50 ᠲᠡᠷᠢᠭᠦᠨ ‍ᠦ ᠦᠨᠳᠦᠰᠦᠨ ᠱᠠᠲᠤᠨ ‍ᠤ ᠨᠠᠮ ‍ᠤᠨ ᠵᠣᠬᠢᠶᠠᠨ ᠪᠠᠶᠢᠭᠤᠯᠤᠯᠲᠠ ᠶ᠋ᠢ ᠬᠥᠬᠢᠭᠦᠯᠦᠨ ᠰᠠᠶᠢᠰᠢᠶᠠᠪᠠ ᠃

     ᠬᠤᠷᠠᠯ ᠳ᠋ᠤ ᠣᠷᠣᠯᠴᠠᠭᠰᠠᠳ ᠨᠠᠮ ᠳ᠋ᠤ ᠣᠷᠣᠬᠤ ᠲᠠᠩᠭᠠᠷᠢᠭ ‍ᠤᠨ ᠦᠭᠡᠰ ‍ᠢᠶ᠋ᠡᠨ ᠳᠠᠬᠢᠨ ᠡᠷᠭᠢᠴᠡᠭᠦᠯᠵᠦ ᠂ 《 ᠡᠪ ᠬᠠᠮᠲᠤ ᠨᠠᠮ ‍ᠤᠨ ᠬᠡᠰᠢᠬᠦᠨ ᠤ ᠤᠭ ᠰᠠᠨᠠᠭ᠎ᠠ 》 ᠵᠢᠨ ᠲᠤᠰᠬᠠᠶ ᠰᠡᠳᠦᠪᠲᠦ ᠨᠠᠮ ‍ᠤᠨ ᠬᠢᠴᠢᠶᠡᠯ ‍ᠢ ᠰᠣᠨᠣᠰᠴᠠᠢ ᠃ ᠬᠤᠷᠠᠯ ᠡᠴᠠ ᠴᠢᠩᠭᠠᠳᠬᠠᠭᠰᠠᠨ ᠨᠢ ᠂ ᠤᠯᠤᠰ ᠲᠥᠷᠦ ᠶ᠋ᠢᠨ ᠪᠠᠶᠢᠭᠤᠯᠤᠯᠲᠠ ᠶ᠋ᠢ ᠶᠡᠬᠡᠪᠡᠷ ᠴᠢᠩᠭᠠᠳᠬᠠᠵᠤ ᠂ ᠰᠢ ᠶ᠋ᠢᠨ ᠫᠢᠩ ‍ᠦᠨ ᠰᠢᠨ᠎ᠡ ᠴᠠᠭ ᠦᠶ᠎ᠡ ᠶ᠋ᠢᠨ ᠳᠤᠮᠳᠠᠳᠤ ᠤᠯᠤᠰ ‍ᠤᠨ ᠣᠨᠴᠠᠯᠢᠭ ᠲᠠᠶ ᠨᠡᠶᠢᠭᠡᠮ ᠵᠢᠷᠤᠮ ‍ᠤᠨ ᠦᠵᠡᠯ ᠰᠠᠨᠠᠭ᠎ᠠ ᠪᠠᠷ ᠵᠢᠯᠣᠭᠣᠳᠤᠯᠭ᠎ᠠ ᠪᠣᠯᠭᠠᠬᠤ ᠶ᠋ᠢ ᠪᠠᠷᠢᠮᠲᠠᠯᠠᠵᠤ ᠂ ᠰᠢ ᠶ᠋ᠢᠨ ᠫᠢᠩ ᠶᠡᠷᠦᠩᠬᠡᠶ ᠱᠦᠵᠢ ᠶ᠋ᠢᠨ ᠰᠢᠷᠢᠰ ᠴᠢᠬᠤᠯᠠ ᠶᠠᠷᠢᠶᠠᠨ ‍ᠤ ᠵᠣᠷᠢᠭ ᠰᠠᠨᠠᠭ᠎ᠠ ᠶ᠋ᠢ ᠭᠦᠨᠵᠡᠭᠡᠶ ᠰᠤᠷᠤᠯᠴᠠᠨ ᠳᠣᠭᠣᠰᠢᠯᠠᠭᠣᠯᠵᠣ ᠂ ᠣᠯᠣᠰ ᠲᠦᠷᠦ ᠶ᠋ᠢᠨ ᠵᠣᠭᠰᠣᠴᠠ ᠪᠠᠨ ᠪᠠᠳᠣᠳᠬᠠᠵᠣ ᠂ 《 ᠳᠥᠷᠪᠡᠨ ᠤᠬᠠᠮᠰᠠᠷ 》 ᠢᠶᠡᠨ ᠴᠢᠩᠭᠠᠳᠬᠠᠨ ᠂ 《 ᠳᠥᠷᠪᠡᠨ ᠢᠲᠡᠭᠡᠯ 》 ᠢᠶᠡᠨ ᠪᠠᠲᠤᠳᠬᠠᠵᠤ ᠂ 《 ᠬᠣᠶᠠᠷ ‍ᠢ ᠬᠠᠮᠠᠭᠠᠯᠠᠬᠤ 》 ᠶ᠋ᠢ ᠡᠷᠡᠰ ᠪᠡᠶᠡᠯᠡᠭᠦᠯᠵᠦ ᠂ ᠬᠣᠰᠢᠭᠤᠨ ‍ᠤ ᠡᠯ᠎ᠡ ᠵᠦᠶ᠋ᠯ ‍ᠦᠨ ᠠᠵᠢᠯ ᠦᠶ᠋ᠯᠡᠰ ‍ᠤᠨ ᠢᠮᠠᠭᠲᠠ ᠵᠥᠪ ᠤᠯᠤᠰ ᠲᠥᠷᠦ ᠶ᠋ᠢᠨ ᠴᠢᠭᠯᠡᠯ ‍ᠢᠶ᠋ᠡᠷ ᠤᠷᠤᠭᠰᠢᠯᠠᠬᠤ ᠶ᠋ᠢ ᠪᠠᠲᠤᠯᠠᠬᠤ ᠬᠡᠷᠡᠭᠲᠡᠶ ᠃ ᠤᠯᠤᠰ ᠲᠥᠷᠦ ᠶ᠋ᠢᠨ ᠤᠬᠠᠮᠰᠠᠷ ᠢᠶᠡᠨ ᠶᠡᠬᠡᠪᠡᠷ ᠴᠢᠩᠭᠠᠳᠬᠠᠵᠤ ᠂ 《 ᠤᠭ ᠰᠠᠨᠠᠭ᠎ᠠ ᠪᠠᠨ ᠮᠠᠷᠳᠠᠯ ᠦᠬᠡᠢ ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ 》 ᠭᠣᠤᠯ ᠰᠡᠳᠦᠪᠲᠦ ᠬᠥᠮᠦᠵᠢᠯ ‍ᠦᠨ ᠶᠡᠷᠦᠩᠬᠡᠶ ᠱᠠᠭᠠᠷᠳᠠᠯᠭ᠎ᠠ ᠂ ᠦᠨᠳᠦᠰᠦᠨ ᠡᠭᠦᠷᠭᠡ ᠂ ᠪᠣᠳᠠᠲᠠᠶ ᠬᠠᠷᠠᠯᠲᠠ ᠶ᠋ᠢ ᠣᠨᠣᠪᠴᠢᠲᠠᠶ ᠣᠶᠢᠯᠠᠭᠠᠨ ᠡᠵᠡᠮᠰᠢᠵᠦ ᠂ ᠤᠷᠢᠳᠴᠢᠯᠠᠨ ᠲᠦᠰᠦᠪᠯᠡᠵᠦ ᠤᠷᠢᠳᠴᠢᠯᠠᠨ ᠰᠤᠷᠤᠯᠴᠠᠵᠤ ᠂ ᠭᠦᠨᠵᠡᠭᠡᠶ ᠪᠠᠶᠢᠴᠠᠭᠠᠨ ᠰᠤᠳᠤᠯᠤᠯᠲᠠ ᠬᠢᠵᠦ ᠪᠣᠳᠠᠲᠤ ᠦᠷ᠎ᠡ ᠪᠦᠲᠦᠮᠵᠢ ᠶ᠋ᠢ ᠡᠷᠢᠯᠬᠢᠯᠡᠵᠦ ᠂ ᠪᠠᠷᠢᠮᠵᠢᠶ᠎ᠠ ᠲᠠᠶ ᠬᠠᠷᠢᠴᠠᠭᠤᠯᠤᠨ ᠵᠥᠷᠢᠶ᠎ᠡ ᠪᠡᠨ ᠡᠷᠢᠵᠦ ᠂ ᠰᠠᠨᠠᠭᠠᠴᠢᠯᠠᠭ᠎ᠠ ᠡᠴᠠ ᠪᠠᠨ ᠵᠢᠳᠬᠦᠯ ᠴᠢᠷᠮᠠᠶᠢᠯᠭ᠎ᠠ ᠭᠠᠷᠭᠠᠨ ᠨᠠᠶᠢᠳᠠᠪᠤᠷᠢᠵᠢᠭᠤᠯᠤᠯᠲᠠ ᠶ᠋ᠢ ᠠᠳᠬᠤᠵᠤ ᠂ ᠴᠣ᠋ ᠰᠢᠨ᠎ᠡ ᠣᠶᠤᠨ ᠰᠠᠨᠠᠭᠠᠨ ‍ᠤ ᠴᠤᠭ ᠰᠦᠯᠳᠡ ᠂ ᠣᠶᠤᠨ ᠰᠠᠨᠠᠭᠠᠨ ‍ᠤ ᠳᠦᠷᠰᠦ ᠪᠠᠶᠢᠳᠠᠯ ᠢᠶᠠᠷ ᠠᠳᠠᠯᠢ ᠪᠤᠰᠤ ᠠᠵᠢᠯ ‍ᠤᠨ ᠪᠠᠶᠢᠷᠢ ᠳᠡᠭᠡᠷ᠎ᠡ ᠶᠡᠷᠦ ᠪᠤᠰᠤ ᠶ᠋ᠢᠨ ᠠᠮᠵᠢᠯᠲᠠ ᠪᠦᠲᠦᠮᠵᠢ ᠶ᠋ᠢ ᠡᠭᠦᠳᠬᠦ ᠬᠡᠷᠡᠭᠲᠡᠶ ᠃ ᠨᠡᠶᠢᠲᠡᠯᠢᠭ ᠵᠢᠱᠢᠶ᠎ᠡ ᠪᠠᠷ ᠬᠥᠲᠥᠯᠥᠨ ᠳᠠᠭᠠᠭᠤᠯᠬᠤ ᠦᠶ᠋ᠯᠡᠳᠦᠯ ‍ᠢ ᠭᠦᠢᠴᠡᠳ ᠪᠠᠳᠠᠷᠠᠭᠤᠯᠵᠤ ᠂ ᠨᠡᠶᠢᠳᠡᠯᠢᠭ ᠦᠢᠯᠡ ᠶᠠᠪᠤᠳᠠᠯ ‍ᠢ ᠶᠡᠬᠡᠪᠡᠷ ᠣᠬᠠᠭᠣᠯᠣᠨ ᠂ ᠪᠥᠬᠥ ᠬᠣᠰᠢᠭᠤᠨ ‍ᠤ ᠡᠯ᠎ᠡ ᠱᠠᠲᠤᠨ ‍ᠤ ᠨᠠᠮ ‍ᠤᠨ ᠵᠣᠬᠢᠶᠠᠨ ᠪᠠᠶᠢᠭᠤᠯᠤᠯᠲᠠ ᠪᠣᠯᠤᠨ ᠥᠷᠭᠡᠨ ᠣᠯᠠᠨ ᠨᠠᠮ ‍ᠤᠨ ᠭᠡᠰᠢᠭᠦᠨ ᠺᠠᠳ᠋ᠷᠴᠤᠳ ‍ᠢ ᠵᠢᠯᠣᠭᠣᠳᠴᠤ ᠨᠡᠶᠢᠳᠡᠯᠢᠭ ᠵᠢᠱᠢᠶ᠎ᠡ ᠪᠠᠷ ᠦᠯᠢᠭᠡᠷ ᠳᠠᠭᠤᠷᠢᠶᠠᠯ ᠪᠣᠯᠭᠠᠵᠤ ᠂ ᠤᠭ ᠰᠠᠨᠠᠭ᠎ᠠ ᠪᠣᠯᠤᠨ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ ᠂ ᠲᠤᠬᠠᠶᠢᠯᠠᠭᠰᠠᠨ ᠠᠵᠢᠯ ᠳ᠋ᠠᠭᠠᠨ ᠰᠠᠭᠤᠷᠢᠯᠠᠨ ᠂ ᠡᠷᠡᠮᠡᠬᠡᠶᠢᠯᠡᠨ ᠤᠷᠤᠭᠰᠢᠯᠠᠵᠤ ᠂ ᠪᠥᠬᠥ ᠬᠣᠰᠢᠭᠤᠨ ‍ᠤ ᠠᠵᠤ ᠠᠬᠤᠶ ᠨᠡᠶᠢᠬᠡᠮ ‍ᠦᠨ ᠬᠥᠭᠵᠢᠯᠲᠡ ᠶ᠋ᠢᠨ ᠰᠢᠨ᠎ᠡ ᠪᠠᠶᠢᠳᠠᠯ ‍ᠢ ᠴᠢᠷᠮᠠᠶᠢᠨ ᠡᠭᠦᠳᠴᠦ ᠂ ᠰᠢᠨ᠎ᠡ ᠨᠠᠢᠮᠠᠨ ‍ᠤ ᠰᠢᠨ᠎ᠡ ᠠᠶᠠᠨ ‍ᠢ ᠡᠬᠢᠯᠡᠬᠦᠯᠦᠨ ᠂ ᠰᠢᠯᠢᠳᠡᠭ ᠬᠢᠷᠢ ᠪᠦᠲᠦᠮᠵᠢ ᠪᠡᠷ ᠪᠥᠬᠥᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠪᠠᠢᠭᠤᠯᠤᠭᠳᠠᠭᠰᠠᠨ 70 ᠵᠢᠯ ‍ᠦᠨ ᠣᠢ ᠶ᠋ᠢ ᠪᠡᠯᠭᠡᠯᠡᠬᠦ ᠬᠡᠷᠡᠭᠲᠡᠶ ᠭᠡᠵᠡᠶ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ