ᠮᠣᠩᠭᠣᠯ ᠤᠯᠤᠰ ᠤᠨ ᠮᠣᠩᠭᠣᠯ ᠬᠣᠭᠣᠯᠠ ᠬᠢᠬᠦ ᠤᠷ᠎ᠠ ᠮᠡᠷᠭᠡᠵᠢᠯ ᠨᠠᠢᠮᠠᠨ ‍ᠳᠥ ᠣᠯᠠᠮᠵᠢᠯᠠᠭᠳᠠᠵᠣ ᠪᠠᠶᠢᠭ᠎ᠠ

ᠣᠩᠰᠢᠭᠰᠠᠨ ᠤᠳᠠᠭ᠎ᠠ ᠄ 2201     ᠨᠡᠶᠢᠳᠡᠯᠡᠭᠰᠡᠨ ᠴᠠᠭ ᠄ 2019/6/28 17:58:59


       ᠦᠨᠳᠦᠰᠦᠲᠡᠨ ‍ᠦ ᠢᠳᠡᠭᠡᠨ ᠤᠮᠳᠠᠭᠠᠨ ‍ᠤ ᠰᠣᠶᠣᠯ ‍ᠢ ᠤᠯᠠᠮᠵᠢᠯᠠᠨ ᠬᠥᠭᠵᠢᠭᠦᠯᠵᠦ ᠂ ᠨᠠᠮ ‍ᠤᠨ ᠣᠨᠢᠨ ᠲᠡᠭᠡᠷ᠎ᠡ ᠨᠢ ᠶᠠᠳᠠᠭᠤ ᠶ᠋ᠢ ᠲᠡᠳᠬᠦᠬᠦ ᠲᠥᠷᠥ ᠶ᠋ᠢᠨ ᠪᠣᠳᠣᠯᠭ᠎ᠠ ᠶ᠋ᠢ ᠪᠥᠬᠥ ᠲᠠᠯ᠎ᠠ ᠪᠠᠷ ᠲᠤᠤᠱᠯᠠᠭᠤᠯᠤᠨ ᠂ ᠶᠠᠳᠠᠭᠤ ᠬᠦᠴᠢᠷᠳᠡᠯᠲᠡᠶ ᠭᠡᠷ ᠪᠦᠯᠢ ᠶ᠋ᠢ ᠬᠠᠪᠰᠤᠷᠴᠤ ᠶᠠᠳᠠᠭᠤ ᠡᠴᠠ ᠠᠩᠭᠢᠵᠢᠷᠠᠭᠤᠯᠤᠨ ᠪᠠᠶᠠᠵᠢᠭᠤᠯᠬᠤ ᠶ᠋ᠢᠨ ᠲᠥᠯᠥᠭᠡ ᠂ ᠬᠣᠰᠢᠭᠤᠨ ᠤ ᠢᠳᠡᠭᠡᠨ ᠤᠮᠳᠠᠭᠠᠨ ‍ᠤ ᠠᠵᠢᠯ ᠲᠥᠷᠥᠯ ‍ᠦᠨ ᠨᠡᠶᠢᠭᠡᠮᠯᠢᠭ ᠂ ᠪᠠᠶᠠᠨ ᠬᠠᠩᠭᠠᠢ ᠠᠵᠢᠯ ᠮᠡᠷᠭᠡᠵᠢᠯ ‍ᠦᠨ ᠪᠣᠯᠪᠠᠰᠣᠷᠠᠯ ‍ᠤᠨ ᠰᠤᠷᠭᠠᠭᠤᠯᠢ ᠬᠠᠮᠲᠤᠷᠠᠨ ᠡᠷᠬᠢᠯᠡᠭᠰᠡᠨ ᠮᠣᠩᠭᠣᠯ ᠬᠣᠭᠣᠯᠠ ᠬᠢᠬᠦ ᠤᠷ᠎ᠠ ᠮᠡᠷᠭᠡᠵᠢᠯ ‍ᠦᠨ ᠪᠣᠯᠪᠠᠰᠣᠷᠠᠯ ᠣᠷᠣᠭᠰᠢᠲᠠᠢ ᠶᠠᠪᠣᠭᠳᠠᠵᠣ ᠪᠠᠶᠢᠨ᠎ᠠ ᠃

       ᠣᠶᠢᠷ᠎ᠠ ᠶ᠋ᠢᠨ ᠡᠳᠦᠷ ᠂ ᠰᠤᠷᠪᠤᠯᠵᠢᠯᠠᠭᠴᠢ ᠥᠪᠥᠷ ᠮᠣᠩᠭᠣᠯ ‍ᠤᠨ ᠪᠠᠶᠠᠨ ᠬᠠᠩᠭᠠᠢ ᠢᠳᠡᠭᠡᠨ ‍ᠦ ᠬᠢᠵᠠᠭᠠᠷᠲᠤ ᠺᠣᠮᠫᠠᠨᠢ ᠳ᠋ᠥ ᠬᠦᠷᠬᠦ ᠳ᠋ᠥ ᠂ ᠲᠣᠭᠣᠭᠠᠴᠢ ᠪᠠᠭᠰᠢ ᠪᠣᠯᠣᠨ ᠱᠠᠪᠢ ᠨᠠᠷ ᠲᠠᠢ ᠪᠠᠨ ᠬᠣᠭᠣᠯᠠᠨ ᠭᠡᠷ ᠲᠣ ᠶᠠᠭᠠᠷᠠᠯᠳᠣᠨ᠎ᠠ ᠃ ᠪᠣᠯᠪᠠᠰᠤᠷᠠᠯ ‍ᠤᠨ ᠠᠩᠭᠢ ᠳ᠋ᠥ ᠭᠣᠣᠯᠳᠠᠭᠤ ᠭᠣᠷᠪᠠᠨᠬᠣᠸᠠ ᠰᠤᠮᠤ ᠶ᠋ᠢᠨ ᠶᠠᠳᠠᠭᠤ ᠬᠦᠴᠢᠷᠳᠡᠯᠲᠡᠢ ᠡᠷᠦᠭᠡ ᠪᠣᠶᠣ ᠮᠧᠩ ᠵᠢᠶᠠ ᠳ᠋ᠤᠸᠠᠨ ᠣᠰᠣᠨ ᠴᠥᠭᠥᠷᠥᠮ ‍ᠦᠨ ᠬᠡᠰᠡᠭ ᠬᠣᠪᠢ ᠶ᠋ᠢᠨ ᠡᠵᠡᠩᠨᠡᠭᠴᠢᠳ ᠬᠦᠷᠦᠯᠴᠡᠨ ᠢᠷᠠᠵᠣ ᠮᠣᠩᠭᠣᠯ ᠬᠣᠭᠣᠯᠠ ᠬᠢᠬᠦ ᠣᠷ᠎ᠠ ᠮᠡᠷᠭᠡᠵᠢᠯ ᠰᠣᠷᠴᠣ ᠪᠠᠶᠢᠭ᠎ᠠ ᠨᠢ ᠡᠨᠡ ᠪᠢᠯᠡ ᠃  ᠰᠣᠷᠣᠭᠴᠢ ᠸᠠᠩ ᠮᠧᠢ ᠷᠥᠩ ᠶ᠋ᠢᠨ ᠶᠠᠷᠢᠬᠣ ᠪᠡᠷ ᠄ ᠪᠢ ᠨᠢᠭᠡᠨ ᠮᠣᠩᠭᠣᠯ ᠬᠦᠮᠦᠨ ᠪᠣᠯᠣᠭᠰᠠᠨ ᠤ ᠬᠣᠪᠢ ᠳ᠋ᠥ ᠮᠣᠩᠭᠣᠯ ᠰᠣᠶᠣᠯ ᠳ᠋ᠥ ᠪᠠᠨ ᠶᠡᠭᠡ ᠬᠠᠶᠢᠷᠠᠳᠠᠢ ᠂ ᠮᠣᠩᠭᠣᠯ ᠢᠳᠡᠭᠡᠨ ᠳ᠋ᠡᠭᠡᠨ ᠪᠠᠰᠠ ᠶᠡᠭᠡ ᠲᠣᠷᠠᠲᠠᠢ ᠃ ᠶᠠᠭ ᠰᠠᠶᠢᠬᠠᠨ ᠡᠨᠡᠬᠦ ᠲᠠᠰᠢᠷᠠᠮ ᠳ᠋ᠥ ᠂ ᠪᠠᠶᠠᠨ ᠬᠠᠩᠭᠠᠢ ( ᠺᠣᠮᠫᠠᠨᠢ ) ᠮᠣᠩᠭᠣᠯ ᠣᠯᠣᠰ ᠡᠴᠡ ᠮᠣᠩᠭᠣᠯ ᠪᠠᠭᠰᠢ ᠵᠠᠯᠠᠵᠣ ᠢᠷᠡᠭᠡᠳ ᠪᠢᠳᠡᠨ ᠳ᠋ᠥ ᠮᠣᠩᠭᠣᠯ ᠢᠳᠡᠭᠡᠨ ᠬᠢᠵᠣ ᠰᠣᠷᠭᠠᠨ ᠂ ᠡᠨᠳᠡ ᠢᠷᠡᠭᠡᠳ ᠶᠠᠩᠵᠣ ᠪᠦᠷᠢ ᠶ᠋ᠢᠨ ᠱᠠᠯᠪᠢᠩ ᠵᠡᠷᠭᠡ ᠮᠣᠩᠭᠣᠯ ᠢᠳᠡᠭᠡᠨ ᠰᠣᠷᠣᠭᠠᠳ ᠶᠡᠭᠡ ᠪᠠᠶᠠᠷᠯᠠᠵᠣ ᠪᠠᠶᠢᠨ᠎ᠠ ᠃

      ᠲᠤᠰ ᠤᠳᠠᠭᠠᠨ ‍ᠤ ᠪᠣᠯᠪᠠᠰᠣᠷᠠᠯ ᠳ᠋ᠤ ᠂ ᠮᠣᠩᠭᠣᠯ ᠤᠯᠤᠰ ᠡᠴᠠ ᠣᠯᠠᠮᠵᠢᠯᠠᠯᠳᠣ ᠮᠣᠩᠭᠣᠯ ᠬᠣᠭᠣᠯᠠ ᠬᠢᠬᠦ ᠶᠡᠬᠡ ᠪᠠᠭᠰᠢ ᠡᠩᠬᠡᠠᠮᠤᠭᠤᠯᠠᠩ ‍ᠢ ᠤᠷᠢᠵᠤ ᠂ ᠰᠣᠷᠣᠭᠴᠢᠳ ᠲᠣ ᠣᠯᠠᠮᠵᠢᠯᠠᠯᠳᠣ ᠮᠣᠩᠭᠣᠯ ᠦᠨᠳᠦᠰᠦᠲᠡᠨ ‍ᠦ ᠢᠳᠡᠭᠡᠨ ᠤᠮᠳᠠᠭᠠᠨ ‍ᠤ ᠰᠣᠶᠣᠯ ᠂ ᠰᠢᠮ᠎ᠡ ᠲᠡᠵᠢᠭᠡᠯ ᠤᠨ ᠥᠷᠲᠡᠭ ᠂ ᠬᠢᠬᠦ ᠠᠯᠬᠤᠮ ᠳᠠᠷᠠᠭ᠎ᠠ ᠂ ᠠᠩᠬᠠᠷᠬᠤ ᠵᠦᠶ᠋ᠯ ᠂ ᠡᠮᠦᠨᠡᠬᠢ ᠬᠤᠭᠤᠴᠠᠭᠠᠨ ‍ᠤ ᠮᠠᠲ᠋ᠧᠷᠢᠶᠠᠯ ‍ᠤᠨ ᠪᠡᠯᠡᠳᠬᠡᠯ ᠵᠡᠷᠭᠡ ᠣᠨᠣᠯ ᠪᠠ ᠮᠣᠩᠭᠣᠯ ᠬᠣᠭᠣᠯᠠ ᠬᠢᠬᠦ ᠣᠷ᠎ᠠ ᠮᠡᠷᠭᠡᠵᠢᠯ ‍ᠤᠨ ᠴᠤᠪᠤᠷᠠᠯ ‍ᠢ ᠲᠤᠬᠠᠶ ᠶ᠋ᠢᠨ ᠲᠠᠯᠠᠪᠤᠷ ᠲᠣ ᠨᠠᠷᠢᠨ ᠨᠢᠮᠪᠠᠢ ᠵᠢᠭᠠᠵᠣ ᠪᠠᠶᠢᠯ᠎ᠠ ᠃ ᠮᠣᠩᠭᠣᠯ ᠤᠯᠤᠰ ᠤᠨ ᠪᠠᠭᠰᠢ ᠡᠩᠬᠡᠠᠮᠤᠭᠤᠯᠠᠩ ᠄ ᠡᠨᠳᠡ ᠣᠷᠢᠭᠳᠠᠵᠣ ᠢᠷᠡᠭᠡᠳ ᠮᠣᠩᠭᠣᠯ ᠬᠣᠭᠣᠯᠠ ᠶ᠋ᠢᠨ ᠰᠣᠶᠣᠯ ‍ᠢ ᠣᠯᠠᠮᠵᠢᠯᠠᠵᠣ ᠂ ᠮᠠᠰᠢ ᠣᠯᠠᠨ ᠱᠠᠪᠢ ᠨᠠᠷ ᠲᠣ ᠵᠢᠭᠠᠵᠣ ᠰᠣᠷᠭᠠᠵᠣ ᠪᠠᠶᠢᠨ᠎ᠠ ᠂ ᠳᠡᠳᠡᠨᠦᠰ ᠮᠠᠰᠢ ᠰᠠᠶᠢᠨ ᠰᠣᠷᠴᠣ ᠪᠠᠶᠢᠨ᠎ᠠ ᠂ ᠡᠳᠦᠷ ᠲᠣ ᠨᠢᠭᠡ ᠣᠯᠠᠮᠵᠢᠯᠠᠯᠳᠣ ᠮᠣᠩᠭᠣᠯ ᠬᠣᠭᠣᠯᠠ ᠵᠢᠭᠠᠬᠣ ᠳ᠋ᠥ ᠡᠳᠦᠷ ᠲᠡᠭᠡᠨ ᠰᠣᠷᠴᠢᠬᠠᠨ᠎ᠠ ᠂ ᠪᠠᠭᠰᠢ ᠨᠢ ᠮᠠᠰᠢ ᠶᠡᠭᠡ ᠪᠠᠶᠠᠷᠲᠠᠢ ᠃ ᠳᠡᠭᠡᠭᠡᠳ ᠡᠨᠳᠡ ᠢᠷᠡᠭᠡᠳ ᠮᠣᠩᠭᠣᠯ ᠤᠨ ᠦᠪ ᠰᠣᠶᠣᠯ ᠤᠨ ᠡᠳᠦᠷ ᠲᠣᠳᠣᠮ ᠬᠡᠷᠡᠭᠯᠡᠳᠡᠭ ᠂ ᠪᠡᠶᠢᠩᠭᠣ ᠢᠳᠡᠳᠡᠭ ᠬᠣᠭᠣᠯᠠ ᠪᠠᠨ ᠵᠢᠭᠠᠵᠣ ᠦᠭᠴᠣ ᠪᠠᠶᠢᠭ᠎ᠠ ᠳ᠋ᠠᠭᠠᠨ ᠮᠠᠰᠢ ᠶᠡᠭᠡ ᠪᠠᠶᠠᠷᠲᠠᠢ ᠪᠠᠶᠢᠨ᠎ᠠ ᠭᠡᠯ᠎ᠡ ᠃

     ᠥᠪᠥᠷ ᠮᠣᠩᠭᠣᠯ ‍ᠤᠨ ᠪᠠᠶᠠᠨ ᠬᠠᠩᠭᠠᠢ ᠢᠳᠡᠭᠡᠨ ‍ᠦ ᠬᠢᠵᠠᠭᠠᠷᠲᠤ ᠺᠣᠮᠫᠠᠨᠢ ᠶ᠋ᠢᠨ ᠬᠡᠷᠡᠭ ᠮᠡᠳᠡᠭᠴᠢᠳ ‍ᠦᠨ ᠳᠠᠷᠤᠭ᠎ᠠ ᠂ ᠬᠣᠰᠢᠭᠤᠨ ‍ᠤ ᠪᠠᠶᠠᠨ ᠬᠠᠩᠭᠠᠢ ᠠᠵᠢᠯ ᠮᠡᠷᠭᠡᠵᠢᠯ ‍ᠦᠨ ᠪᠣᠯᠪᠠᠰᠤᠷᠠᠯ ‍ᠤᠨ ᠰᠤᠷᠭᠠᠭᠤᠯᠢ ᠶ᠋ᠢᠨ ᠵᠠᠬᠢᠷᠤᠯ ᠪᠠᠢ ᠰᠢᠤ ᡁᠢ ᠲᠤᠰ ᠤᠳᠠᠭᠠᠨ ‍ᠤ ᠮᠣᠩᠭᠣᠯ ᠬᠣᠭᠣᠯᠠᠨ ‍ᠤ ᠤᠷ᠎ᠠ ᠮᠡᠷᠭᠡᠵᠢᠯ ‍ᠦᠨ ᠪᠣᠯᠪᠠᠰᠤᠷᠠᠯ ‍ᠢ ᠲᠤᠶᠢᠯ ᠢᠶᠠᠷ ᠴᠢᠬᠤᠯᠠᠴᠢᠯᠠᠵᠤ ᠂ ᠬᠣᠪᠢ ᠪᠠᠷ ᠢᠶᠡᠨ 10 ᠭᠠᠷᠤᠢ ᠲᠦᠮᠡᠨ ᠲᠥᠭᠥᠷᠢᠭ ‍ᠦᠨ ᠪᠣᠯᠪᠠᠰᠤᠷᠠᠯ ‍ᠤᠨ ᠵᠠᠷᠤᠳᠠᠯ ‍ᠢ ᠡᠭᠦᠷᠭᠡᠯᠡᠪᠡ ᠃ ᠲᠡᠷᠡᠴᠢᠯᠡᠨ ᠰᠤᠷᠤᠭᠴᠢᠳ ᠡᠴᠡ ᠰᠤᠷᠤᠯᠭ᠎ᠠ ᠶ᠋ᠢᠨ ᠰᠦᠢᠳᠬᠡᠯ ᠥᠯᠥ ᠬᠤᠷᠢᠶᠠᠬᠤ ᠡᠴᠡ ᠭᠠᠳᠠᠨ᠎ᠠ ᠂ ᠬᠣᠭᠣᠯᠠ ᠬᠣᠨᠣᠭ ‍ᠤᠨ ᠰᠦᠢᠳᠬᠡᠯ ᠴᠦ ᠥᠯᠥ ᠬᠤᠷᠢᠶᠠᠬᠤ ᠦᠶ᠋ᠯᠡᠴᠢᠯᠡᠭᠡ ᠬᠠᠩᠭᠠᠰᠠᠨ ᠪᠠᠶᠢᠨ᠎ᠠ ᠃ ᠪᠠᠶᠠᠨ ᠬᠠᠩᠭᠠᠢ ᠢᠳᠡᠭᠡᠨ ‍ᠦ ᠬᠢᠵᠠᠭᠠᠷᠲᠤ ᠺᠣᠮᠫᠠᠨᠢ ᠶ᠋ᠢᠨ ᠬᠡᠷᠡᠭ ᠮᠡᠳᠡᠭᠴᠢᠳ ‍ᠦᠨ ᠳᠠᠷᠤᠭ᠎ᠠ ᠪᠠᠶ ᠰᠢᠤ ᡁᠢ ᠄ ᠡᠨᠡ ᠤᠳᠠᠭ᠎ᠠ ᠮᠣᠩᠭᠣᠯ ᠤᠯᠤᠰ ᠡᠴᠠ ᠪᠠᠭᠰᠢ ᠵᠢ ᠵᠠᠯᠠᠵᠣ ᠢᠷᠡᠭᠰᠡᠨ ᠭᠣᠣᠯ ᠵᠣᠷᠢᠯᠭ᠎ᠠ ᠪᠣᠯ ᠮᠠᠨ ᠤ ᠨᠠᠢᠮᠠᠨ ᠬᠣᠰᠢᠭᠣᠨ ᠤ ᠪᠠᠨ ᠦᠨᠳᠦᠰᠦᠳᠡᠨ ᠤ ᠢᠳᠡᠭᠡᠨ ᠦᠨᠳᠦᠰᠦᠳᠡᠨ ᠤ ᠰᠣᠶᠣᠯ ᠢᠶᠡᠨ ᠣᠯᠠᠮ ᠢᠯᠡᠭᠦᠦ ᠪᠠᠳᠠᠷᠠᠭᠣᠯᠬᠣ ᠶ᠋ᠢᠨ ᠲᠦᠯᠦᠭᠡ ᠶᠣᠮ ᠃ ᠨᠡᠩ ᠢᠯᠡᠩᠭᠣᠶ᠎ᠠ ᠮᠠᠨ ᠤ ᠡᠨᠡ ᠶᠠᠳᠠᠭᠣ ᠬᠦᠴᠢᠷᠲᠡᠢ ᠠᠷᠠᠳ ᠲᠣ ᠪᠠᠨ ᠰᠣᠶᠣᠯ ᠤᠨ ᠲᠠᠯ᠎ᠠ ᠪᠡᠷ ᠢᠳᠡᠭᠡᠨ ᠤ ᠲᠠᠯ᠎ᠠ ᠪᠡᠷ ᠣᠬᠠᠭᠣᠯᠵᠣ ᠂ ᠲᠡᠳᠡᠨ ‍ᠢ ᠮᠡᠷᠭᠡᠵᠢᠯ ᠤᠨ ᠲᠠᠯ᠎ᠠ ᠪᠡᠷ ᠣᠯᠠᠮ ᠰᠠᠶᠢᠨ ᠲᠡᠭᠡᠭᠰᠢᠯᠡᠭᠦᠯᠵᠣ ᠂ ᠲᠡᠳᠡᠨ ᠤ ᠠᠮᠢᠳᠣᠷᠠᠯ ᠳ᠋ᠣᠨᠢ ᠲᠣᠰᠠ ᠪᠣᠯᠣᠶ᠎ᠠ ᠭᠡᠰᠡᠨ ᠡᠶᠢᠮᠦᠷᠬᠦ ᠬᠣᠪᠢ ᠪᠡᠷ ᠮᠣᠩᠭᠣᠯ ᠣᠯᠣᠰ ᠤᠨ ᠪᠠᠭᠰᠢ ᠵᠢ ᠵᠠᠯᠠᠵᠣ ᠢᠷᠡᠨ ᠰᠣᠷᠣᠭᠴᠢᠳ ᠢᠶᠡᠨ ᠴᠣᠭᠯᠠᠭᠣᠯᠣᠨ ᠵᠢᠭᠠᠨ ᠰᠣᠷᠭᠠᠵᠣ ᠪᠠᠶᠢᠨ᠎ᠠ ᠭᠡᠵᠡᠢ ᠃

        ᠣᠶᠢᠯᠠᠭᠠᠯᠳᠠ ᠪᠠᠷ ᠂ ᠲᠤᠰ ᠤᠳᠠᠭᠠᠨ ‍ᠤ ᠪᠣᠯᠪᠠᠰᠣᠷᠠᠯ ᠨᠢ ᠨᠢᠭᠡ ᠰᠠᠷ᠎ᠠ ᠶ᠋ᠢᠨ ᠬᠤᠭᠤᠴᠠᠭ᠎ᠠ ᠲᠠᠶ ᠶᠠᠪᠣᠭᠳᠠᠵᠣ ᠂ 40 ᠭᠠᠷᠤᠶ ᠶᠠᠳᠠᠭᠤ ᠬᠦᠴᠢᠷᠳᠡᠯᠲᠡᠶ ᠡᠷᠦᠬᠡ ᠵᠢᠴᠢ ᠬᠣᠪᠢ ᠶ᠋ᠢᠨ ᠡᠵᠡᠩᠨᠡᠭᠴᠢᠳ ᠣᠷᠣᠯᠴᠠᠵᠣ ᠪᠠᠶᠢᠨ᠎ᠠ ᠃ ᠲᠣᠰ ᠣᠳᠠᠭᠠᠨ ᠤ ᠪᠣᠯᠪᠠᠰᠤᠷᠠᠯ ᠢᠶᠠᠷ ᠲᠠᠮᠵᠢᠨ ᠂ ᠦᠨᠳᠦᠰᠦᠲᠡᠨ ᠤ ᠣᠨᠴᠠᠯᠢᠭ ᠳᠠᠢ ᠣᠯᠠᠮᠵᠢᠯᠠᠯᠳᠣ ᠮᠣᠩᠭᠣᠯ ᠬᠣᠭᠣᠯᠠ ᠬᠢᠬᠦ ᠣᠷ᠎ᠠ ᠮᠡᠷᠭᠡᠵᠢᠯ ‍ᠢ ᠤᠯᠠᠮᠵᠢᠯᠠᠨ ᠳᠡᠯᠭᠡᠷᠡᠭᠦᠯᠵᠦ ᠂ ᠮᠠᠨ ᠤ ᠬᠣᠰᠢᠭᠤᠨ ᠤ ᠮᠣᠩᠭᠣᠯ ᠢᠳᠡᠭᠡᠨ ᠤᠮᠳᠠᠭᠠᠨ ᠤ ᠠᠵᠢᠯ ᠲᠥᠷᠥᠯ ‍ᠤᠨ ᠡᠷᠡᠭᠦᠯ ᠪᠥᠭᠡᠳ ᠡᠮᠬᠢ ᠵᠢᠷᠤᠮ ᠲᠠᠶ ᠬᠥᠭᠵᠢᠯᠲᠡ ᠵᠢ ᠠᠬᠢᠭᠤᠯᠤᠨ ᠂ ᠠᠵᠢᠯ ᠠᠯᠳᠠᠭᠰᠠᠨ ᠡᠰᠡᠭᠦᠯ᠎ᠡ ᠠᠵᠢᠯ ‍ᠤᠨ ᠪᠠᠶᠢᠷᠢ ᠡᠴᠠ ᠪᠠᠨ ᠪᠠᠭᠤᠭᠰᠠᠨ ᠬᠥᠮᠦᠰ ᠂ ᠬᠥᠳᠡᠭᠡ ᠲᠣᠰᠬᠣᠨ ᠤ ᠶᠠᠳᠠᠭᠤ ᠬᠦᠴᠢᠷᠳᠡᠯᠲᠡᠢ ᠡᠷᠦᠭᠡ ᠵᠡᠷᠭᠡ ᠬᠣᠯᠪᠣᠭᠳᠠᠯ ᠪᠦᠬᠦᠢ ᠬᠥᠮᠦᠰ ᠲᠤ ᠴᠥᠮ ᠮᠡᠷᠭᠡᠵᠢᠯ ‍ᠤᠨ ᠳᠠᠪᠠᠭᠤᠯᠢᠭ ‍ᠢ ᠨᠢ ᠡᠵᠡᠮᠰᠢᠭᠦᠯᠵᠦ ᠂ ᠡᠷᠲᠡᠬᠡᠨ ᠲᠠᠬᠢᠨ ᠠᠵᠢᠯ ᠣᠯᠵᠣ ᠶᠠᠳᠠᠭᠤ ᠡᠴᠠ ᠠᠩᠭᠢᠵᠢᠷᠠᠬᠣ ᠳ᠋ᠥ ᠲᠡᠮᠵᠢᠯᠡᠭᠡ ᠦᠵᠡᠬᠦᠯᠵᠣ ᠪᠠᠶᠢᠨ᠎ᠠ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ