ᠪᠥᠬᠥ ᠬᠣᠲᠠ ᠶ᠋ᠢᠨ ᠤᠯᠤᠰ ᠲᠥᠷᠥ ᠶ᠋ᠢᠨ ᠵᠥᠪᠯᠡᠯᠭᠡᠨ ‍ᠦ ᠨᠠᠷᠢᠨ ᠪᠢᠴᠢᠭ ‍ᠦᠨ ᠳᠠᠷᠤᠭ᠎ᠠ ᠶ᠋ᠢᠨ ᠰᠠᠭᠣᠳᠠᠯ ᠤᠨ ᠬᠤᠷᠠᠯ ᠮᠠᠨ ‍ᠤ ᠬᠣᠰᠢᠭᠤᠨ ᠳ᠋ᠤ ᠶᠠᠪᠣᠭᠳᠠᠭᠰᠠᠨ

ᠣᠩᠰᠢᠭᠰᠠᠨ ᠤᠳᠠᠭ᠎ᠠ ᠄ 2222     ᠨᠡᠶᠢᠳᠡᠯᠡᠭᠰᠡᠨ ᠴᠠᠭ ᠄ 2019/6/28 17:50:46

 
       ᠰᠢ ᠶ᠋ᠢᠨ ᠫᠢᠩ ᠶᠡᠷᠦᠩᠬᠡᠶ ᠱᠦᠵᠢ ᠶ᠋ᠢᠨ ᠠᠷᠠᠳ ‍ᠤᠨ ᠤᠯᠤᠰ ᠲᠥᠷᠥ ᠶ᠋ᠢᠨ ᠵᠥᠪᠯᠡᠯᠭᠡᠨ ‍ᠦ ᠠᠵᠢᠯ ‍ᠢ ᠴᠢᠩᠭᠠᠳᠬᠠᠨ ᠰᠠᠶᠢᠵᠢᠷᠠᠭᠣᠯᠬᠣ ᠲᠤᠬᠠᠢ ᠴᠢᠬᠤᠯᠠ ᠦᠵᠡᠯ ᠰᠠᠨᠠᠭ᠎ᠠ ᠶ᠋ᠢ ᠲᠤᠤᠱᠯᠠᠭᠤᠯᠤᠨ ᠨᠠᠶᠢᠳᠠᠪᠣᠷᠢᠵᠢᠭᠣᠯᠵᠣ ᠂ ᠪᠥᠬᠥ ᠤᠯᠤᠰ ᠤᠨ ᠤᠯᠤᠰ ᠲᠥᠷᠥ ᠶ᠋ᠢᠨ ᠵᠥᠪᠯᠡᠯᠭᠡᠨ ‍ᠦ ᠰᠢᠨ᠎ᠡ ᠲᠣᠬᠢᠷᠠᠭᠣᠯᠣᠯᠳᠠ ᠂ ᠰᠢᠨ᠎ᠡ ᠱᠠᠭᠠᠷᠳᠠᠯᠭ᠎ᠠ ᠂ ᠰᠢᠨ᠎ᠡ ᠠᠷᠭ᠎ᠠ ᠬᠡᠮᠵᠢᠶ᠎ᠡ ᠶ᠋ᠢ ᠤᠯᠠᠮ ᠨᠢᠭᠡ ᠠᠯᠬᠤᠮ ᠰᠤᠷᠤᠯᠴᠠᠬᠤ ᠶ᠋ᠢᠨ ᠲᠥᠯᠥᠭᠡ ᠂ 6 ᠳ᠋ᠣᠭᠠᠷ ᠰᠠᠷ᠎ᠠ ᠶ᠋ᠢᠨ 18 ‍ᠤ ᠡᠳᠦᠷ ᠂ ᠪᠥᠬᠥ ᠬᠣᠲᠠ ᠶ᠋ᠢᠨ ᠤᠯᠤᠰ ᠲᠥᠷᠥ ᠶ᠋ᠢᠨ ᠵᠥᠪᠯᠡᠯᠭᠡᠨ ‍ᠦ ᠨᠠᠷᠢᠨ ᠪᠢᠴᠢᠭ ‍ᠦᠨ ᠳᠠᠷᠤᠭ᠎ᠠ ᠶ᠋ᠢᠨ ᠰᠠᠭᠣᠳᠠᠯ ᠤᠨ ᠬᠤᠷᠠᠯ ᠮᠠᠨ ‍ᠤ ᠬᠣᠰᠢᠭᠤᠨ ᠳ᠋ᠤ ᠶᠠᠪᠣᠭᠳᠠᠵᠣ ᠂ ᠬᠣᠲᠠ ᠶ᠋ᠢᠨ ᠤᠯᠤᠰ ᠲᠥᠷᠥ ᠶ᠋ᠢᠨ ᠵᠥᠪᠯᠡᠯᠭᠡᠨ ‍ᠦ ᠨᠠᠷᠢᠨ ᠪᠢᠴᠢᠭ ‍ᠦᠨ ᠳᠠᠷᠤᠭ᠎ᠠ ᠮᠢ ᠹᠡ ᠰᠢᠩ ᠵᠢᠴᠢ ᠡᠯ᠎ᠡ ᠰᠢᠶᠠᠨ ᠲᠣᠭᠣᠷᠢᠭ ᠤᠨ ᠤᠯᠤᠰ ᠲᠥᠷᠥ ᠶ᠋ᠢᠨ ᠵᠥᠪᠯᠡᠯᠭᠡᠨ ‍ᠦ ᠨᠠᠷᠢᠨ ᠪᠢᠴᠢᠭ ‍ᠦᠨ ᠳᠠᠷᠤᠭ᠎ᠠ ᠂ ᠬᠣᠲᠠ ᠶ᠋ᠢᠨ ᠤᠯᠤᠰ ᠲᠥᠷᠥ ᠶ᠋ᠢᠨ ᠵᠥᠪᠯᠡᠯᠭᠡᠨ ‍ᠦ ᠪᠠᠶᠢᠭᠤᠯᠤᠯᠭ᠎ᠠ ᠶ᠋ᠢᠨ ᠬᠡᠰᠡᠭ ᠨᠥᠬᠥᠳ ᠬᠤᠷᠠᠯ ᠳ᠋ᠤ ᠣᠷᠣᠯᠴᠠᠭᠰᠠᠨ ᠪᠠᠶᠢᠨ᠎ᠠ ᠃ ᠬᠤᠷᠠᠯ ‍ᠢ ᠬᠣᠳᠠ ᠶ᠋ᠢᠨ ᠤᠯᠤᠰ ᠲᠥᠷᠥ ᠶ᠋ᠢᠨ ᠵᠥᠪᠯᠡᠯᠭᠡᠨ ‍ᠦ ᠠᠯᠪᠠᠨ ᠭᠡᠷ ‍ᠦᠨ ᠳᠡᠳ᠋ ᠡᠷᠬᠢᠯᠡᠭᠴᠢ ᠵᠤᠸᠠᠩ ᠵᠢᠶᠠᠨ ᠵᠢᠶᠦ᠋ᠨ ᠡᠷᠬᠢᠯᠡᠵᠣ ᠂ ᠬᠤᠷᠠᠯ ᠳᠡᠭᠡᠷ᠎ᠡ ᠪᠥᠬᠥ ᠣᠷᠣᠨ ‍ᠤ ᠠᠶᠢᠮᠠᠭ ᠬᠣᠲᠠ ᠶ᠋ᠢᠨ ᠤᠯᠤᠰ ᠲᠥᠷᠥ ᠶ᠋ᠢᠨ ᠵᠥᠪᠯᠡᠯᠭᠡᠨ ‍ᠦ ᠨᠠᠷᠢᠨ ᠪᠢᠴᠢᠭ ‍ᠦᠨ ᠳᠠᠷᠤᠭ᠎ᠠ ᠶ᠋ᠢᠨ ᠠᠵᠢᠯ ‍ᠤᠨ ᠬᠤᠷᠠᠯ ‍ᠤᠨ ᠵᠣᠷᠢᠭ ᠰᠠᠨᠠᠭ᠎ᠠ ᠶ᠋ᠢ  ᠲᠠᠮᠵᠢᠭᠣᠯᠣᠨ ᠰᠤᠷᠤᠯᠴᠠᠪᠠ ᠃
        ᠪᠥᠬᠥ ᠬᠣᠲᠠ ᠶ᠋ᠢᠨ ᠡᠯ᠎ᠡ ᠬᠣᠰᠢᠭᠤ ᠰᠢᠶᠠᠨ ‍ᠤ ᠤᠯᠤᠰ ᠲᠥᠷᠥ ᠶ᠋ᠢᠨ ᠵᠥᠪᠯᠡᠯᠭᠡᠨ ‍ᠦ ᠨᠠᠷᠢᠨ ᠪᠢᠴᠢᠭ ‍ᠦᠨ ᠳᠠᠷᠤᠭ᠎ᠠ ᠲᠤᠰ ᠤᠳᠠᠭᠠᠨ ‍ᠤ ᠰᠢᠨᠵᠢᠯᠡᠨ ᠪᠠᠶᠢᠴᠠᠭᠠᠵᠤ ᠰᠤᠷᠤᠯᠴᠠᠭᠰᠠᠨ ᠲᠤᠬᠠᠢ ᠲᠥᠷᠥᠭᠳᠡᠯ ‍ᠢᠶ᠋ᠡᠨ ᠢᠯᠡᠳᠬᠡᠭᠰᠡᠨ ᠪᠥᠭᠡᠳ ᠲᠤᠰ ᠲᠤᠰ ‍ᠤᠨ ᠬᠣᠰᠢᠭᠤ ᠰᠢᠶᠠᠨ ‍ᠤ ᠤᠯᠤᠰ ᠲᠥᠷᠥ ᠶ᠋ᠢᠨ ᠵᠥᠪᠯᠡᠯᠭᠡᠨ ‍ᠦ ᠪᠣᠳᠠᠲᠠᠶ ᠪᠠᠶᠢᠳᠠᠯ ᠲᠠᠢ ᠪᠡᠨ ᠤᠶᠠᠯᠳᠤᠭᠤᠯᠤᠨ ᠳᠠᠷᠠᠭ᠎ᠠ ᠠᠯᠬᠤᠮ ‍ᠤᠨ ᠠᠵᠢᠯ ᠢᠶᠡᠨ ᠰᠠᠶᠢᠵᠢᠷᠠᠭᠣᠯᠬᠣ ᠲᠤᠬᠠᠢ ᠠᠩᠬ᠎ᠠ ᠠᠯᠬᠤᠮ ‍ᠤᠨ ᠰᠠᠨᠠᠯ ᠢᠶᠡᠨ ᠳᠣᠷᠠᠳᠴᠣ ᠂ ᠬᠤᠷᠠᠯ ᠡᠴᠠ ᠪᠠᠰᠠ ᠪᠦᠬᠦ ᠬᠣᠲᠠ ᠶ᠋ᠢᠨ ᠤᠯᠤᠰ ᠲᠥᠷᠥ ᠶ᠋ᠢᠨ ᠵᠥᠪᠯᠡᠯᠭᠡᠨ ‍ᠦ ᠪᠦᠬᠦ ᠵᠢᠯ ‍ᠦᠨ ᠡᠯ᠎ᠡ ᠵᠦᠢᠯ ‍ᠦᠨ ᠠᠵᠢᠯ ᠡᠭᠦᠷᠭᠡ ᠶ᠋ᠢ ᠰᠠᠶᠢᠲᠤᠷ ᠬᠢᠬᠦ ᠪᠣᠳᠠᠲᠠᠢ ᠣᠴᠢᠷ ᠶᠠᠪᠤᠳᠠᠯ ᠳ᠋ᠥ ᠲᠣᠬᠢᠷᠠᠭᠣᠯᠣᠯᠳᠠ ᠬᠢᠭᠰᠡᠨ ᠪᠠᠶᠢᠨ᠎ᠠ ᠃
        ᠮᠢ ᠹᠡ ᠰᠢᠩ ᠬᠤᠷᠠᠯ ᠳᠡᠭᠡᠷ᠎ᠡ ᠴᠢᠩᠭᠠᠳᠬᠠᠭᠰᠠᠨ ᠨᠢ ᠂ ᠰᠢ ᠶ᠋ᠢᠨ ᠫᠢᠩ ᠶᠡᠷᠦᠩᠬᠡᠢ ᠱᠦᠵᠢ ᠶ᠋ᠢᠨ ᠠᠷᠠᠳ ‍ᠤᠨ ᠤᠯᠤᠰ ᠲᠥᠷᠥ ᠶ᠋ᠢᠨ ᠵᠥᠪᠯᠡᠯᠭᠡᠨ ‍ᠦ ᠠᠵᠢᠯ ‍ᠢ ᠴᠢᠩᠭᠠᠳᠬᠠᠨ ᠰᠠᠶᠢᠵᠢᠷᠠᠭᠣᠯᠬᠣ ᠲᠤᠬᠠᠢ ᠴᠢᠬᠤᠯᠠ ᠦᠵᠡᠯ ᠰᠠᠨᠠᠭ᠎ᠠ ᠶ᠋ᠢ ᠭᠦᠨᠵᠡᠭᠡᠢ ᠰᠤᠷᠤᠯᠴᠠᠨ ᠲᠣᠣᠱᠯᠠᠭᠣᠯᠵᠣ ᠂ ᠤᠯᠤᠰ ᠲᠥᠷᠥ ᠶ᠋ᠢᠨ ᠵᠥᠪᠯᠡᠯᠭᠡᠨ ‍ᠦ ᠠᠵᠢᠯ ‍ᠤᠨ ᠤᠯᠤᠰ ᠲᠥᠷᠥ ᠶ᠋ᠢᠨ ᠴᠢᠭᠯᠡᠯ ‍ᠢ ᠪᠠᠲᠤ ᠡᠵᠡᠮᠳᠡᠬᠦ ᠬᠡᠷᠡᠭᠲᠡᠢ ᠃ ᠰᠢᠨ᠎ᠡ ᠴᠠᠭ ᠦᠶ᠎ᠡ ᠰᠢᠨ᠎ᠡ ᠡᠭᠦᠷᠭᠡ ᠰᠢᠨ᠎ᠡ ᠱᠠᠭᠠᠷᠳᠠᠯᠭ᠎ᠠ ᠶ᠋ᠢ ᠨᠠᠷᠢᠨ ᠬᠢᠨᠠᠮᠠᠭᠠᠢ ᠡᠵᠡᠮᠳᠡᠵᠦ ᠂ ᠤᠯᠤᠰ ᠲᠥᠷᠥ ᠶ᠋ᠢᠨ ᠵᠥᠪᠯᠡᠯᠭᠡᠨ ‍ᠦ ᠨᠠᠮ ‍ᠤᠨ ᠪᠠᠶᠢᠭᠤᠯᠤᠯᠲᠠ ᠶ᠋ᠢᠨ ᠠᠵᠢᠯ ‍ᠢ ᠠᠳᠬᠣᠨ ᠂ ᠤᠯᠤᠰ ᠲᠥᠷᠥ ᠶ᠋ᠢᠨ ᠵᠣᠭᠰᠣᠴᠠ ᠪᠠᠨ ᠳᠡᠭᠡᠭᠰᠢᠯᠡᠭᠦᠯᠵᠦ ᠂ ᠬᠣᠣᠰ ᠴᠢᠭᠯᠡᠯ ‍ᠢᠶ᠋ᠡᠷ ᠬᠦᠴᠦᠯᠡᠨ ᠠᠵᠢᠯᠯᠠᠬᠤ ᠶᠠᠰᠤ ᠴᠢᠨᠠᠷ ‍ᠢ ᠳᠡᠭᠡᠭᠰᠢᠯᠡᠭᠦᠯᠵᠦ ᠂ ᠰᠠᠨᠠᠯ ᠵᠥᠪᠯᠡᠯᠭᠡ ᠳᠤᠷᠠᠳᠴᠤ ᠵᠠᠰᠠᠭ ᠲᠤ ᠲᠤᠰᠠᠯᠠᠬᠤ ᠣᠨᠣᠪᠴᠢ ᠶ᠋ᠢᠨ ᠬᠡᠮᠵᠢᠶ᠎ᠡ ᠶ᠋ᠢ ᠨᠡᠮᠡᠭᠳᠡᠬᠦᠯᠦᠨ ᠂ ᠤᠯᠤᠰ ᠲᠥᠷᠥ ᠶ᠋ᠢᠨ ᠵᠥᠪᠯᠡᠯᠭᠡᠨ ‍ᠦ ᠠᠵᠢᠯ ‍ᠤᠨ ᠴᠢᠨᠠᠷ ᠰᠠᠶᠢᠲᠠᠢ ᠬᠥᠭᠵᠢᠯᠲᠡ ᠶ᠋ᠢ ᠠᠬᠢᠭᠤᠯᠬᠤ ᠬᠡᠷᠡᠭᠲᠡᠢ ᠭᠡᠰᠡᠨ ᠪᠠᠶᠢᠨ᠎ᠠ ᠃

      ᠮᠢ ᠹᠡ ᠰᠢᠩ ᠵᠢᠭᠠᠵᠤ ᠭᠠᠷᠭᠠᠭᠰᠠᠨ ᠨᠢ ᠂ ᠲᠤᠰ ᠤᠳᠠᠭᠠᠨ ‍ᠤ ᠪᠥᠬᠥ ᠬᠣᠲᠠ ᠶ᠋ᠢᠨ ᠤᠯᠤᠰ ᠲᠥᠷᠥ ᠶ᠋ᠢᠨ ᠵᠥᠪᠯᠡᠯᠭᠡᠨ ‍ᠦ ᠨᠠᠷᠢᠨ ᠪᠢᠴᠢᠭ ‍ᠦᠨ ᠳᠠᠷᠤᠭ᠎ᠠ ᠶ᠋ᠢᠨ ᠪᠠᠶᠢᠴᠠᠭᠠᠬᠣ ᠪᠦᠯᠬᠦᠮ ᠪᠤᠰᠤᠳ ᠠᠶᠢᠮᠠᠭ ᠬᠣᠲᠠ ᠳ᠋ᠤ ᠬᠦᠷᠴᠦ ᠪᠠᠶᠢᠴᠠᠭᠠᠨ ᠰᠤᠳᠤᠯᠤᠯᠲᠠ ᠬᠢᠬᠦ ᠪᠡᠷ ᠲᠠᠮᠵᠢᠨ ᠂ ᠲᠤᠬᠠᠶ ᠶ᠋ᠢᠨ ᠭᠠᠵᠠᠷ ‍ᠤᠨ ᠠᠵᠤ ᠠᠬᠤᠶ ᠨᠡᠶᠢᠭᠡᠮ ‍ᠦᠨ ᠬᠥᠭᠵᠢᠯᠲᠡ ᠶ᠋ᠢ ᠲᠦᠯᠬᠢᠨ ᠠᠬᠢᠭᠤᠯᠬᠤ ᠳᠤᠮᠳᠠ ᠤᠯᠤᠰ ᠲᠥᠷᠥ ᠶ᠋ᠢᠨ ᠵᠥᠪᠯᠡᠯᠭᠡᠨ ‍ᠦ ᠦᠵᠡᠭᠦᠯᠬᠦ ᠦᠶ᠋ᠯᠡᠳᠦᠯ ‍ᠢ ᠣᠶᠢᠯᠠᠭᠠᠬᠤ ᠨᠢ ᠮᠠᠨ ‍ᠤ ᠬᠣᠲᠠ ᠶ᠋ᠢᠨ ᠤᠯᠤᠰ ᠲᠥᠷᠥ ᠶ᠋ᠢᠨ ᠵᠥᠪᠯᠡᠯᠭᠡᠨ ‍ᠦ ᠠᠵᠢᠯ ‍ᠤᠨ ᠲᠡᠮᠡᠴᠡᠬᠦ ᠴᠢᠭᠯᠡᠯ ‍ᠢ ᠣᠨᠣᠪᠴᠢᠲᠠᠶ ᠡᠷᠢᠵᠦ ᠣᠯᠬᠤ ᠳ᠋ᠤ ᠠᠰᠢᠭᠲᠠᠶ ᠪᠠᠶᠢᠵᠤ ᠂ ᠮᠠᠨ ‍ᠤ ᠬᠣᠲᠠ ᠶ᠋ᠢᠨ ᠤᠯᠤᠰ ᠲᠥᠷᠥ ᠶ᠋ᠢᠨ ᠵᠥᠪᠯᠡᠯᠭᠡᠨ ᠪᠣᠯᠤᠨ ᠠᠬ᠎ᠠ ᠳᠡᠭᠦᠦ ᠠᠶᠢᠮᠠᠭ ᠬᠣᠲᠠ ᠶ᠋ᠢᠨ ᠤᠯᠤᠰ ᠲᠥᠷᠥ ᠶ᠋ᠢᠨ ᠵᠥᠪᠯᠡᠯᠭᠡᠨ ‍ᠦ ᠨᠥᠬᠥᠷᠯᠡᠯ ᠢᠶᠡᠨ ᠰᠣᠯᠢᠯᠴᠠᠬᠣ ᠠᠷᠭ᠎ᠠ ᠵᠠᠮ ‍ᠢ ᠰᠠᠭᠠᠳ ᠥᠬᠡᠶ ᠨᠡᠪᠲᠡᠷᠡᠭᠦᠯᠵᠦ ᠂ ᠤᠯᠤᠰ ᠲᠥᠷᠥ ᠶ᠋ᠢᠨ ᠵᠥᠪᠯᠡᠯᠭᠡᠨ ‍ᠦ ᠠᠵᠢᠯ ‍ᠢ ᠤᠯᠠᠮ ᠨᠢᠭᠡ ᠠᠯᠬᠤᠮ ᠲᠡᠳᠬᠦᠨ ᠳᠡᠮᠵᠢᠵᠦ ᠂ ᠬᠠᠮᠲᠤ ᠪᠠᠷ ᠳᠠᠪᠰᠢᠬᠤ ᠳ᠋ᠤ ᠠᠯᠤᠰ ᠬᠡᠲᠦ ᠶ᠋ᠢᠨ ᠠᠴᠢ ᠬᠣᠯᠪᠣᠭᠳᠠᠯ ᠲᠠᠶ ᠭᠡᠰᠡᠨ ᠪᠠᠶᠢᠨ᠎ᠠ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ