2019 ᠣᠨ ᠤ ITF ᠳᠡᠯᠡᠬᠡᠶ ᠶ᠋ᠢᠨ ᠡᠮᠡᠭᠲᠡᠶ ᠶ᠋ᠢᠨ ᠲᠣᠣᠷ ᠪᠥᠮᠪᠥᠭᠡ ᠶ᠋ᠢᠨ ᠲᠣᠭᠣᠷᠢᠨ ᠣᠷᠣᠯᠳᠣᠬᠣ ·ᠨᠠᠢᠮᠠᠨ ᠤ ᠥᠷᠲᠡᠭᠡ ᠶ᠋ᠢᠨ ᠡᠬᠢᠯᠡᠯᠳᠡ ᠶ᠋ᠢᠨ ᠶᠣᠰᠣᠯᠠᠯ ᠶᠠᠪᠣᠭᠳᠠᠭᠰᠠᠨ

ᠣᠩᠰᠢᠭᠰᠠᠨ ᠤᠳᠠᠭ᠎ᠠ ᠄ 24410     ᠨᠡᠶᠢᠳᠡᠯᠡᠭᠰᠡᠨ ᠴᠠᠭ ᠄ 2019/6/28 17:46:17


       6 ᠳ᠋ᠣᠭᠠᠷ ᠰᠠᠷ᠎ᠠ ᠶ᠋ᠢᠨ 24 ‍ᠤ ᠡᠳᠦᠷ ᠂ 2019 ᠣᠨ ᠤ ITF ᠳᠡᠯᠡᠬᠡᠶ ᠶ᠋ᠢᠨ ᠡᠮᠡᠭᠲᠡᠶ ᠶ᠋ᠢᠨ ᠲᠣᠣᠷ ᠪᠥᠮᠪᠥᠭᠡ ᠶ᠋ᠢᠨ ᠲᠣᠭᠣᠷᠢᠨ ᠣᠷᠣᠯᠳᠣᠬᠣ · ᠨᠠᠶ᠋ᠮᠠᠨ ᠤ ᠥᠷᠲᠡᠭᠡ ᠶ᠋ᠢᠨ ᠡᠬᠢᠯᠡᠯᠳᠡ ᠶ᠋ᠢᠨ ᠶᠣᠰᠣᠯᠠᠯ ᠰᠦᠯᠳᠡ ᠲᠣᠣᠷ ᠪᠥᠮᠪᠥᠭᠡ ᠶ᠋ᠢᠨ ᠲᠥᠪ ᠲᠦ ᠦᠪᠡᠳᠡᠭᠰᠢ ᠶᠡᠬᠡ ᠪᠡᠷ ᠶᠠᠪᠣᠭᠳᠠᠭᠰᠠᠨ ᠪᠠᠶᠢᠨ᠎ᠠ ᠃
       ᠪᠥᠮᠪᠥᠭᠡ ᠡᠬᠢᠯᠡᠭᠦᠯᠬᠦ ᠶᠣᠰᠣᠯᠠᠯ ᠳᠡᠭᠡᠷ᠎ᠡ ᠂ ᠬᠣᠰᠢᠭᠤᠨ ‍ᠤ ᠨᠠᠮ ‍ᠤᠨ ᠬᠣᠷᠢᠶᠠᠨ ‍ᠤ ᠳᠡᠳ᠋ ᠱᠦᠵᠢ ᠂ ᠬᠣᠰᠢᠭᠤᠨ ‍ᠤ ᠠᠷᠠᠳ ‍ᠤᠨ ᠵᠠᠰᠠᠭ ᠤᠨ ᠣᠷᠳᠣᠨ ‍ᠤ ᠬᠣᠰᠢᠭᠤᠨ ᠳᠠᠷᠤᠭ᠎ᠠ ᠪᠦᠷᠢᠨ ᠤᠷᠤᠯᠳᠤᠭᠠᠨ ᠡᠬᠢᠯᠡᠭᠰᠡᠨ ‍ᠢ ᠵᠠᠷᠯᠠᠵᠣ ᠂ ᠬᠣᠰᠢᠭᠤᠨ ‍ᠤ ᠨᠠᠮ ‍ᠤᠨ ᠬᠣᠷᠢᠶᠠᠨ ‍ᠤ ᠳᠡᠳ᠋ ᠱᠦᠵᠢ ᠯᠢ ᠢᠦᠢ ᠱᠠᠨ ᠡᠬᠢᠯᠡᠯᠳᠡ ᠶ᠋ᠢᠨ ᠶᠣᠰᠣᠯᠠᠯ ᠳ᠋ᠥ ᠶᠠᠷᠢᠶ᠎ᠠ ᠳᠠᠯᠪᠢᠨ ᠂ ᠲᠠᠮᠢᠷᠴᠢᠨ ᠪᠣᠯᠤᠨ ᠬᠢᠨᠠᠭᠴᠢ ᠶ᠋ᠢᠨ ᠲᠥᠯᠥᠭᠡᠯᠡᠭᠴᠢ ᠲᠤᠰ ᠲᠤᠰ ᠳᠠᠩᠭᠠᠷᠢᠭᠯᠠᠭᠰᠠᠨ ᠪᠠᠶᠢᠨ᠎ᠠ ᠃

       ᠯᠢ ᠢᠦᠢ ᠱᠠᠨ ᠵᠢᠭᠠᠵᠤ ᠭᠠᠷᠭᠠᠭᠰᠠᠨ ᠨᠢ ᠄ ᠨᠠᠢᠮᠠᠨ ᠬᠣᠰᠢᠭᠤᠨ ‍ᠤ ᠰᠦᠯᠳᠡ ᠲᠣᠣᠷ ᠪᠥᠮᠪᠥᠭᠡ ᠶ᠋ᠢᠨ ᠲᠥᠪ ᠨᠢᠭᠡᠨᠲᠡ ᠳᠡᠯᠡᠬᠡᠢ ᠶ᠋ᠢᠨ ᠬᠡᠪᠴᠢᠶᠡᠨ ᠤ ᠣᠷᠣᠯᠳᠣᠭᠠᠨ ‍ᠢ ᠳᠠᠭᠠᠭᠠᠨ ᠡᠷᠬᠢᠯᠡᠬᠦ ᠴᠢᠳᠠᠪᠤᠷᠢ ᠲᠠᠶ ᠪᠣᠯᠵᠤ ᠂ ᠤᠷᠢᠳ ᠬᠣᠵᠢᠳ ᠳᠤᠮᠳᠠᠳᠤ ᠶ᠋ᠢᠨ ᠯᠣᠣ ᠠᠵᠢᠯ ‍ᠤᠨ ᠴᠢᠯᠥᠭᠡᠨ ‍ᠦ ᠲᠣᠣᠷ ᠪᠥᠮᠪᠥᠭᠡ ᠶ᠋ᠢᠨ ᠪᠦᠯᠬᠦᠮ ‍ᠦᠨ ᠤᠷᠤᠯᠳᠤᠭᠠᠨ ᠂ ᠳᠡᠯᠡᠬᠡᠢ ᠶ᠋ᠢᠨ ᠡᠮᠡᠭᠳᠡᠶᠢᠴᠣᠳ ‍ᠦᠨ ᠲᠣᠣᠷ ᠪᠥᠮᠪᠥᠭᠡ ᠶ᠋ᠢᠨ ᠲᠣᠭᠣᠷᠢᠨ ᠣᠷᠣᠯᠳᠣᠬᠣ ᠵᠡᠷᠭᠡ ᠴᠢᠬᠤᠯᠠ ᠶᠡᠬᠡ ᠤᠯᠤᠰ  ᠤᠨ ᠳᠣᠲᠣᠭᠠᠳᠤ ᠭᠠᠳᠠᠭᠠᠳᠤ ᠶ᠋ᠢᠨ ᠤᠷᠤᠯᠳᠤᠭᠤᠨ ‍ᠢ ᠳᠠᠭᠠᠭᠠᠨ ᠡᠷᠬᠢᠯᠡᠪᠡ ᠃ ᠣᠶᠢᠷ᠎ᠠ ᠶ᠋ᠢᠨ ᠵᠢᠯ ᠡᠴᠡ ᠂ ᠲᠣᠣᠷ ᠪᠥᠮᠪᠥᠭᠡ ᠵᠡᠷᠭᠡ ᠤᠷᠤᠯᠳᠤᠭᠠᠨ ‍ᠤ ᠠᠵᠢᠯᠯᠠᠭ᠎ᠠ ᠶ᠋ᠢᠨ ᠨᠥᠯᠥᠭᠡ ᠪᠠ ᠳᠠᠭᠠᠭᠤᠯᠭ᠎ᠠ ᠳᠣᠣᠷ᠎ᠠ ᠂ ᠪᠦᠬᠦ ᠬᠣᠰᠢᠭᠤᠨ ‍ᠤ ᠪᠡᠶ᠎ᠡ ᠶ᠋ᠢᠨ ᠲᠠᠮᠢᠷ ‍ᠤᠨ ᠦᠢᠯᠡᠰ ᠦᠳᠳᠦᠷ ᠲᠦᠷᠭᠡᠨ ᠬᠦᠭᠵᠢᠵᠦ ᠂ ᠪᠢᠳᠡ ᠲᠤᠰ ᠤᠳᠠᠭᠠᠨ ‍ᠤ ᠳᠡᠯᠡᠬᠡᠶ ᠶ᠋ᠢᠨ ᠡᠮᠡᠭᠲᠡᠶ ᠶ᠋ᠢᠨ ᠲᠣᠣᠷ ᠪᠥᠮᠪᠥᠭᠡ ᠶ᠋ᠢᠨ ᠲᠣᠭᠣᠷᠢᠨ ᠣᠷᠣᠯᠳᠣᠬᠣ ᠢᠶᠠᠷ ᠠᠵᠠ ᠲᠣᠬᠢᠶᠠᠯ ᠪᠣᠯᠭᠠᠵᠤ ᠂ ᠨᠠᠢᠮᠠᠨ ᠤ ᠪᠡᠶ᠎ᠡ ᠲᠠᠮᠢᠷ ‍ᠤᠨ ᠦᠢᠯᠡᠰ ᠤᠨ ᠬᠥᠭᠵᠢᠯᠲᠡ ᠶ᠋ᠢ ᠠᠬᠢᠭᠣᠯᠬᠣ ᠬᠡᠷᠡᠭᠲᠠᠢ ᠭᠡᠰᠡᠨ ᠪᠠᠶᠢᠨ᠎ᠠ ᠃

      2019 ᠣᠨ ᠤ I T F ᠳᠡᠯᠡᠬᠡᠶ ᠶ᠋ᠢᠨ ᠡᠮᠡᠭᠲᠡᠶ ᠶ᠋ᠢᠨ ᠲᠣᠣᠷ ᠪᠥᠮᠪᠥᠭᠡ ᠶ᠋ᠢᠨ ᠲᠣᠭᠣᠷᠢᠨ ᠣᠷᠣᠯᠳᠣᠬᠣ · ᠨᠠᠢᠮᠠᠨ ᠤ ᠥᠷᠲᠡᠭᠡ ᠶ᠋ᠢᠨ ᠣᠷᠣᠯᠳᠣᠭᠠᠨ ‍ᠢ ᠳᠡᠯᠡᠬᠡᠢ ᠶ᠋ᠢᠨ ᠲᠣᠣᠷ ᠪᠥᠮᠪᠥᠭᠡ ᠶ᠋ᠢᠨ ᠬᠣᠯᠪᠣᠭᠠᠲᠤ ᠬᠤᠷᠠᠯ ( I T F ) ᠡᠴᠠ ᠡᠷᠬᠡ ᠣᠯᠭᠣᠵᠤ ᠂ ᠳᠤᠮᠳᠠᠳᠤ ᠤᠯᠤᠰ ᠤᠨ ᠲᠣᠣᠷ ᠪᠥᠮᠪᠥᠭᠡ ᠶ᠋ᠢᠨ ᠨᠡᠶᠢᠭᠡᠮᠯᠢᠭ ᠪᠠ ᠬᠣᠰᠢᠭᠤᠨ ‍ᠤ ᠠᠷᠠᠳ ‍ᠤᠨ ᠵᠠᠰᠠᠭ ᠤᠨ ᠣᠷᠳᠣᠨ ᠡᠴᠠ ᠭᠣᠣᠯᠯᠠᠨ ᠡᠷᠬᠢᠯᠡᠵᠦ ᠂ ᠬᠣᠰᠢᠭᠤᠨ ‍ᠤ ᠰᠤᠷᠭᠠᠨ ᠬᠥᠮᠦᠵᠢᠯ ᠰᠢᠨᠵᠢᠯᠡᠬᠦ ᠤᠬᠠᠭᠠᠨ ᠮᠡᠷᠭᠡᠵᠢᠯ ᠪᠡᠶ᠎ᠡ ᠲᠠᠮᠢᠷ ‍ᠤᠨ ᠲᠣᠪᠴᠢᠶ᠎ᠠ ᠪᠠ ᠬᠣᠰᠢᠭᠤᠨ ‍ᠤ ᠲᠣᠣᠷ ᠪᠥᠮᠪᠥᠭᠡ ᠶ᠋ᠢᠨ ᠨᠡᠶᠢᠭᠡᠮᠯᠢᠭ ᠡᠴᠡ ᠳᠠᠭᠠᠭᠠᠨ ᠡᠷᠬᠢᠯᠡᠵᠦ ᠂ ᠥᠪᠥᠷ ᠮᠣᠩᠭᠣᠯ ‍ᠤᠨ ᠰᠦᠯᠳᠡ ᠪᠡᠶ᠎ᠡ ᠲᠠᠮᠢᠷ ‍ᠤᠨ ᠠᠵᠤ ᠦᠢᠯᠡᠰ ‍ᠦᠨ ᠬᠢᠵᠠᠭᠠᠷᠲᠤ ᠺᠣᠮᠫᠠᠨᠢ ᠬᠠᠮᠵᠢᠯᠴᠠᠨ ᠡᠷᠬᠢᠯᠡᠵᠦ ᠂ ᠡᠵᠡᠩᠨᠡᠯᠲᠡ ᠶ᠋ᠢᠨ ᠺᠣᠮᠫᠠᠨᠢ ᠨᠢ ᠪᠡᠭᠡᠵᠢᠩ ‍ᠦᠨ ᠬᠤᠤ ᠯᠠᠨ ᠪᠡᠶ᠎ᠡ ᠲᠠᠮᠢᠷ ‍ᠤᠨ ᠰᠣᠶᠣᠯ ‍ᠤᠨ ᠠᠵᠤ ᠦᠢᠯᠡᠰ ‍ᠦᠨ ᠬᠥᠭᠵᠢᠯᠲᠡ ᠶ᠋ᠢᠨ ᠬᠢᠵᠠᠭᠠᠷᠲᠤ ᠺᠣᠮᠫᠠᠨᠢ ᠪᠣᠯᠤᠨ᠎ᠠ ᠃ ᠲᠦᠩᠯᠢᠶᠣᠤ ᠬᠣᠲᠠ ᠶ᠋ᠢᠨ ᠪᠡᠶ᠎ᠡ ᠲᠠᠮᠢᠷ ‍ᠤᠨ ᠲᠣᠪᠴᠢᠶ᠎ᠠ ᠶ᠋ᠢᠨ ᠳᠠᠷᠤᠭ᠎ᠠ ᠲᠢᠶᠠᠨ ᠶᠧ ᠂ ᠬᠣᠰᠢᠭᠤᠨ ‍ᠤ ᠤᠳᠤᠷᠢᠳᠤᠯᠭ᠎ᠠ ᠪᠦᠷᠢᠨ ᠂ ᠯᠢ ᠢᠦᠢ ᠱᠠᠨ  ᠪᠥᠮᠪᠥᠭᠡ ᠡᠬᠢᠯᠡᠭᠦᠯᠬᠦ ᠶᠣᠰᠣᠯᠠᠯ ᠳ᠋ᠤ ᠰᠠᠭᠠᠳᠠᠵᠠᠢ ᠃

       ᠲᠤᠰ ᠤᠳᠠᠭᠠᠨ ‍ᠤ 2019 ᠣᠨ ᠤ I T F ᠳᠡᠯᠡᠬᠡᠶ ᠶ᠋ᠢᠨ ᠡᠮᠡᠭᠲᠡᠶ ᠶ᠋ᠢᠨ ᠲᠣᠣᠷ ᠪᠥᠮᠪᠥᠭᠡ ᠶ᠋ᠢᠨ ᠲᠣᠭᠣᠷᠢᠨ ᠣᠷᠣᠯᠳᠣᠬᠣ · ᠨᠠᠢᠮᠠᠨ ᠤ ᠥᠷᠲᠡᠭᠡ ᠶ᠋ᠢᠨ ᠣᠷᠣᠯᠳᠣᠭᠠᠨ 7 ᠡᠳᠦᠷ ‍ᠦᠨ ᠬᠤᠭᠤᠴᠠᠭ᠎ᠠ ᠲᠠᠶ ᠶᠠᠪᠣᠭᠳᠠᠵᠣ ᠂ 6 ᠰᠠᠷ᠎ᠠ ᠶ᠋ᠢᠨ 24 ‍ᠤ ᠡᠳᠦᠷ ᠪᠡᠯᠡᠳᠬᠡᠯ ᠰᠣᠩᠭᠣᠭᠤᠯᠢ ᠶ᠋ᠢᠨ ᠤᠷᠤᠯᠳᠤᠭᠠᠨ ᠂ 6 ᠰᠠᠷ᠎ᠠ ᠶ᠋ᠢᠨ 25 ‍ᠤ ᠡᠳᠦᠷ ᠡᠴᠡ 30 ‍ᠤ ᠡᠳᠦᠷ ᠪᠣᠯᠲᠠᠯ᠎ᠠ ᠵᠢᠩᠬᠢᠨᠢ ᠤᠷᠤᠯᠳᠤᠭᠠᠨ ᠶᠠᠪᠣᠭᠳᠠᠭᠣᠯᠵᠣ ᠂ 6 ᠰᠠᠷ᠎ᠠ ᠶ᠋ᠢᠨ 29 ‍ᠤ ᠡᠳᠦᠷ ᠬᠣᠣᠰᠯᠠᠨ ᠴᠣᠬᠢᠬᠤ ᠰᠢᠢᠳᠪᠦᠷᠢᠳᠤ ᠤᠷᠤᠯᠳᠤᠭᠠᠨ ᠂ 6 ᠰᠠᠷ᠎ᠠ ᠶ᠋ᠢᠨ 30 ‍ᠤ ᠡᠳᠦᠷ ᠭᠠᠭᠴᠠᠭᠠᠷ ᠴᠣᠬᠢᠬᠤ ᠰᠢᠢᠳᠪᠦᠷᠢᠳᠦ ᠤᠷᠤᠯᠳᠤᠭᠠᠨ ᠶᠠᠪᠣᠭᠳᠠᠭᠣᠯᠵᠣ ᠂ ᠠᠮᠧᠷᠢᠺᠠ ᠂ ᠣᠷᠣᠰ ᠂ ᠠᠩᠯᠢ ᠵᠡᠷᠭᠡ 16 ᠤᠯᠤᠰ ᠪᠠ ᠭᠠᠵᠠᠷ ᠣᠷᠣᠨ ᠡᠴᠠ ᠢᠷᠡᠭᠰᠡᠨ ᠵᠠᠭᠤ ᠭᠠᠷᠣᠢ ᠡᠮᠡᠭᠲᠡᠶ ᠲᠣᠣᠷ ᠪᠥᠮᠪᠥᠭᠡ ᠶ᠋ᠢᠨ ᠲᠠᠮᠢᠷᠴᠢᠨ ᠣᠷᠣᠯᠴᠠᠵᠣ ᠪᠠᠶᠢᠨ᠎ᠠ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ