ᠵᠠᠩ ᠬᠤᠸᠠ ᠬᠣᠰᠢᠭᠤᠨ ‍ᠤ ᠠᠷᠪᠠᠨ ᠬᠣᠶᠠᠳᠤᠭᠠᠷ ᠬᠤᠭᠤᠴᠠᠭᠠᠨ ‍ᠤ ᠨᠠᠮ ‍ᠤᠨ ᠬᠣᠷᠢᠶ᠎ᠠ ᠶ᠋ᠢᠨ 114 ᠳ᠋ᠦ᠋ᠭᠡᠷ ᠤᠳᠠᠭᠠᠨ ‍ᠤ ᠪᠠᠶᠢᠩᠭᠤ ᠶ᠋ᠢᠨ ᠬᠣᠷᠢᠶᠠᠨ ‍ᠤ ᠬᠤᠷᠠᠯ ‍ᠢ ᠡᠷᠬᠢᠯᠡᠨ ᠬᠣᠷᠠᠯᠳᠣᠭᠣᠯᠣᠡᠡᠰᠠᠨ

ᠣᠩᠰᠢᠭᠰᠠᠨ ᠤᠳᠠᠭ᠎ᠠ ᠄ 3942     ᠨᠡᠶᠢᠳᠡᠯᠡᠭᠰᠡᠨ ᠴᠠᠭ ᠄ 2019/6/28 17:37:18


         6 ᠳ᠋ᠣᠭᠠᠷ ᠰᠠᠷ᠎ᠠ ᠶ᠋ᠢᠨ 23 ‍ᠤ ᠡᠳᠦᠷ ᠂ ᠬᠣᠰᠢᠭᠣᠨ ‍ᠤ ᠨᠠᠮ ‍ᠤᠨ ᠬᠣᠷᠢᠶᠠᠨ ᠤ ᠱᠦᠵᠢ ᠵᠠᠩ ᠬᠤᠸᠠ ᠬᠣᠰᠢᠭᠤᠨ ‍ᠤ ᠠᠷᠪᠠᠨ ᠬᠣᠶᠠᠳᠤᠭᠠᠷ ᠬᠤᠭᠤᠴᠠᠭᠠᠨ ‍ᠤ ᠨᠠᠮ ‍ᠤᠨ ᠬᠣᠷᠢᠶ᠎ᠠ ᠶ᠋ᠢᠨ 114 ᠳ᠋ᠦ᠋ᠭᠡᠷ ᠤᠳᠠᠭᠠᠨ ‍ᠤ ᠪᠠᠶᠢᠩᠭᠤ ᠶ᠋ᠢᠨ ᠬᠣᠷᠢᠶ᠎ᠠ ᠶ᠋ᠢᠨ ᠬᠤᠷᠠᠯ ‍ᠢ ᠡᠷᠬᠢᠯᠡᠨ ᠬᠤᠷᠠᠯᠳᠤᠭᠤᠯᠵᠤ ᠂ ᠲᠥᠪ ‍ᠦᠨ ᠬᠠᠮᠢᠶ᠎ᠠ ᠪᠦᠬᠦᠢ ᠪᠢᠴᠢᠭ ᠮᠠᠲ᠋ᠧᠷᠢᠶᠠᠯ ᠪᠠ ᠲᠡᠭᠡᠳᠣ ᠱᠠᠲᠤᠨ ‍ᠤ ᠤᠳᠤᠷᠢᠳᠤᠯᠭ᠎ᠠ ᠶ᠋ᠢᠨ ᠴᠣᠬᠣᠯᠠᠪᠤᠷᠢ ᠶ᠋ᠢᠨ ᠵᠣᠷᠢᠭ ᠰᠠᠨᠠᠭ᠎ᠠ ᠶ᠋ᠢ ᠳᠠᠮᠵᠢᠭᠣᠯᠣᠨ ᠰᠤᠷᠤᠯᠴᠠᠵᠤ ᠂ ᠲᠤᠤᠱᠯᠠᠭᠤᠯᠤᠨ ᠨᠠᠶᠢᠳᠠᠪᠣᠷᠢᠵᠢᠭᠣᠯᠬᠣ ᠠᠵᠢᠯ ‍ᠢ ᠰᠤᠳᠤᠯᠤᠨ ᠳᠣᠬᠢᠷᠠᠭᠣᠯᠣᠯᠳᠠ ᠬᠢᠭᠰᠡᠨ ᠪᠠᠶᠢᠨ᠎ᠠ ᠃
         ᠬᠤᠷᠠᠯ ᠡᠴᠠ ᠵᠢᠭᠠᠵᠤ ᠭᠠᠷᠭᠠᠭᠰᠠᠨ ᠨᠢ ᠂ 《 ᠰᠢ ᠶ᠋ᠢᠨ ᠫᠢᠩ ‍ᠦᠨ ᠰᠢᠨ᠎ᠡ ᠴᠠᠭ ᠦᠶ᠎ᠡ ᠶ᠋ᠢᠨ ᠳᠤᠮᠳᠠᠳᠤ ᠤᠯᠤᠰ ‍ᠤᠨ ᠣᠨᠴᠠᠯᠢᠭ ᠳᠠᠢ ᠨᠠᠶᠢᠭᠡᠮ ᠵᠢᠷᠤᠮ ‍ᠤᠨ ᠦᠵᠡᠯ ᠰᠠᠨᠠᠭ᠎ᠠ ᠶ᠋ᠢ ᠰᠤᠷᠤᠯᠴᠠᠬᠤ ᠬᠥᠲᠥᠯᠪᠦᠷᠢ 》 ᠨᠢ ᠰᠢ ᠶ᠋ᠢᠨ ᠫᠢᠩ ‍ᠦᠨ ᠰᠢᠨ᠎ᠡ ᠴᠠᠭ ᠦᠶ᠎ᠡ ᠶ᠋ᠢᠨ ᠳᠤᠮᠳᠠᠳᠤ ᠤᠯᠤᠰ ‍ᠤᠨ ᠣᠨᠴᠠᠯᠢᠭ ᠳᠠᠢ ᠨᠠᠶᠢᠭᠡᠮ ᠵᠢᠷᠤᠮ ‍ᠤᠨ ᠦᠵᠡᠯ ᠰᠠᠨᠠᠭ᠎ᠠ ᠪᠣᠯ ᠨᠠᠮ ᠪᠠ ᠤᠯᠤᠰ ‍ᠤᠨ ᠡᠷᠬᠡᠪᠰᠢ ᠣᠷᠳᠣ ᠬᠤᠭᠤᠴᠠᠭ᠎ᠠ ᠪᠠᠷ ᠪᠠᠷᠢᠮᠲᠠᠯᠠᠬᠤ ᠵᠢᠯᠣᠭᠣᠳᠬᠤ ᠦᠵᠡᠯ ᠰᠠᠨᠠᠭ᠎ᠠ ᠮᠥᠨ ᠭᠡᠬᠦ ᠡᠨᠡ ᠬᠦ ᠭᠣᠤᠯ ᠰᠡᠳᠦᠪ ‍ᠤᠨ ᠲᠣᠭᠣᠷᠢᠨ ᠳ᠋ᠤ ᠂ 《 ᠨᠠᠢᠮᠠ ᠶ᠋ᠢ ᠲᠣᠳᠣᠷᠬᠠᠶᠢᠯᠠᠬᠤ 》 ᠪᠠ 《 ᠠᠷᠪᠠᠨ ᠳᠥᠷᠪᠡ ᠶ᠋ᠢ ᠪᠠᠷᠢᠮᠲᠠᠯᠠᠬᠤ 》 ᠪᠠᠷ ᠭᠣᠣᠯ ᠠᠭᠣᠯᠭ᠎ᠠ ᠪᠠ ᠭᠣᠣᠯ ᠦᠨᠳᠦᠰᠦᠯᠡᠯ ᠪᠣᠯᠭᠠᠵᠤ ᠂ ᠰᠢ ᠶ᠋ᠢᠨ ᠫᠢᠩ ‍ᠦᠨ ᠰᠢᠨ᠎ᠡ ᠴᠠᠭ ᠦᠶ᠎ᠡ ᠶ᠋ᠢᠨ ᠳᠤᠮᠳᠠᠳᠤ ᠤᠯᠤᠰ ‍ᠤᠨ ᠣᠨᠴᠠᠯᠢᠭ ᠲᠠᠶ ᠨᠠᠶᠢᠭᠡᠮ  ᠵᠢᠷᠤᠮ ‍ᠤᠨ ᠦᠵᠡᠯ ᠰᠠᠨᠠᠭ᠎ᠠ ᠶ᠋ᠢ ᠪᠦᠬᠦ ᠲᠠᠯ᠎ᠠ ᠪᠠᠷ ᠰᠢᠰᠲ᠋ᠧᠮ ᠲᠡᠶ ᠲᠣᠳᠣᠷᠬᠠᠶᠢᠯᠠᠨ ᠥᠭᠦᠯᠡᠵᠦ ᠂ ᠦᠵᠡᠯ ᠰᠠᠨᠠᠭᠠᠨ ‍ᠤ ᠦᠨᠳᠦᠰᠦᠨ ᠵᠣᠷᠢᠭ ᠰᠠᠨᠠᠭ᠎ᠠ ᠂ ᠦᠨᠳᠦᠰᠦᠨ ᠠᠭᠣᠯᠭ᠎ᠠ ᠂ ᠦᠨᠳᠦᠰᠦᠨ ᠱᠠᠭᠠᠷᠳᠠᠯᠭ᠎ᠠ ᠶ᠋ᠢ ᠨᠠᠩ ᠭᠦᠨᠵᠡᠭᠡᠢ ᠣᠶᠢᠯᠭᠠᠨ ᠡᠵᠡᠮᠰᠢᠵᠦ ᠂ ᠤᠬᠠᠮᠰᠠᠷ ᠡᠴᠠ ᠪᠠᠨ ᠲᠠᠷᠢᠬᠢ ᠲᠣᠯᠣᠭᠠᠢ ᠪᠠᠨ ᠵᠡᠪᠰᠡᠭᠯᠡᠨ ᠂ ᠦᠢᠯᠡᠳᠦᠯᠭᠡ ᠪᠡᠨ ᠵᠢᠯᠣᠭᠣᠳᠣᠭᠣᠯᠵᠣ ᠂ ᠠᠵᠢᠯ ᠢᠶᠡᠨ ᠠᠬᠢᠭᠤᠯᠬᠤ ᠳ᠋ᠤ ᠴᠢᠬᠤᠯᠠ ᠦᠢᠯᠡᠳᠦᠯ ᠳᠠᠢ ᠶᠣᠮ ᠭᠡᠵᠡᠢ ᠃

      ᠬᠤᠷᠠᠯ ᠡᠴᠠ ᠴᠢᠬᠤᠯᠠᠴᠢᠯᠠᠭᠰᠠᠨ ᠨᠢ ᠂ ᠪᠥᠬᠥ ᠬᠣᠰᠢᠭᠤᠨ ‍ᠤ ᠡᠯ᠎ᠡ ᠨᠠᠮ ‍ᠤᠨ ᠬᠣᠷᠢᠶ᠎ᠠ ( ᠨᠠᠮ ‍ᠤᠨ ᠤᠳᠤᠷᠢᠳᠬᠤ ᠳᠤᠭᠤᠢᠯᠠᠩ ) ᠪᠣᠯᠤᠨ ᠥᠷᠭᠡᠨ ᠣᠯᠠᠨ ᠨᠠᠮ ‍ᠤᠨ ᠭᠡᠰᠢᠭᠦᠨ ᠺᠠᠳ᠋ᠷᠴᠤᠳ ᠳᠤᠮᠳᠠᠳᠤ ᠤᠯᠤᠰ ‍ᠤᠨ ᠡᠪ ᠬᠠᠮᠲᠤ ᠨᠠᠮ ‍ᠤᠨ ᠲᠥᠪ ᠬᠣᠷᠢᠶᠠᠨ ‍ᠤ 《 ︿ ᠰᠢ ᠶ᠋ᠢᠨ ᠫᠢᠩ ‍ᠦᠨ ᠰᠢᠨ᠎ᠡ ᠴᠠᠭ ᠦᠶ᠎ᠡ ᠶ᠋ᠢᠨ ᠳᠤᠮᠳᠠᠳᠤ ᠤᠯᠤᠰ ‍ᠤᠨ ᠣᠨᠴᠠᠯᠢᠭ ᠳᠠᠢ ᠨᠠᠶᠢᠭᠡᠮ ᠵᠢᠷᠤᠮ ‍ᠤᠨ ᠦᠵᠡᠯ ᠰᠠᠨᠠᠭ᠎ᠠ ᠶ᠋ᠢ ᠰᠤᠷᠤᠯᠴᠠᠬᠤ ᠳᠣᠪᠴᠢᠯᠠᠯ ﹀ ‍ᠢ ᠳᠠᠷᠤᠮᠠᠯᠯᠠᠨ ᠲᠠᠷᠬᠠᠭᠠᠬᠤ ᠲᠤᠬᠠᠢ ᠮᠡᠳᠡᠭᠳᠡᠯ 》 ᠪᠣᠯᠤᠨ ᠯᠢ ᠵᠢᠶ ᠾᠧᠩ ᠨᠥᠬᠥᠷ ‍ᠦᠨ ᠴᠣᠬᠣᠯᠠᠪᠤᠷᠢ ᠶ᠋ᠢᠨ ᠵᠣᠷᠢᠭ ᠰᠠᠨᠠᠭ᠎ᠠ ᠶ᠋ᠢ ᠬᠢᠨᠠᠮᠠᠭᠠᠶ ᠲᠤᠤᠱᠯᠠᠭᠤᠯᠤᠨ ᠨᠠᠶᠢᠳᠠᠪᠣᠷᠢᠵᠢᠭᠣᠯᠣᠨ ᠂ 《 ᠳᠣᠪᠴᠢᠯᠠᠯ 》 ‍ᠢ ᠰᠠᠶᠢᠲᠤᠷ ᠰᠤᠷᠤᠯᠴᠠᠨ ᠰᠠᠶᠢᠲᠤᠷ ᠬᠡᠷᠡᠭᠯᠡᠵᠦ ᠂ ᠪᠥᠬᠥ ᠬᠣᠰᠢᠭᠤᠨ ‍ᠤ ᠡᠯ᠎ᠡ ᠱᠠᠲᠤᠨ ‍ᠤ ᠨᠠᠮ ‍ᠤᠨ ᠵᠣᠬᠢᠶᠠᠨ ᠪᠠᠶᠢᠭᠤᠯᠤᠯᠲᠠ ᠶ᠋ᠢᠨ 《 ᠤᠭ ᠰᠠᠨᠠᠭ᠎ᠠ ᠪᠠᠨ ᠮᠠᠷᠳᠠᠯ ᠦᠬᠡᠢ ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠬᠦ 》 ᠭᠣᠤᠯ ᠰᠡᠳᠦᠪᠲᠦ ᠬᠥᠮᠦᠵᠢᠯ ᠥᠷᠨᠢᠭᠦᠯᠬᠦ ᠦᠨᠳᠦᠰᠦᠨ ᠵᠢᠭᠠᠬᠤ ᠮᠠᠲ᠋ᠧᠷᠢᠶᠠᠯ ᠪᠣᠯᠭᠠᠵᠤ ᠂ ᠺᠠᠳ᠋ᠷ ‍ᠢ ᠬᠥᠮᠦᠵᠢᠭᠦᠯᠦᠨ ᠪᠣᠯᠪᠠᠰᠤᠷᠠᠭᠤᠯᠬᠤ ᠶ᠋ᠢᠨ ᠴᠢᠬᠤᠯᠠ ᠠᠭᠣᠯᠭ᠎ᠠ ᠪᠣᠯᠭᠠᠵᠤ ᠂ ᠪᠦᠯᠦᠭ ᠬᠡᠰᠡᠭ ᠬᠣᠪᠢᠶᠠᠨ ᠂ ᠰᠢᠰᠲ᠋ᠧᠮ ᠲᠡᠶ ᠰᠤᠷᠤᠯᠴᠠᠬᠤ ᠬᠡᠷᠡᠭᠲᠡᠶ ᠃ ᠨᠠᠷᠢᠨ ᠨᠢᠮᠪᠠᠢ ᠵᠣᠬᠢᠶᠠᠨ ᠪᠠᠶᠢᠭᠣᠯᠵᠦ ᠂ ᠨᠠᠷᠢᠨ ᠨᠢᠮᠪᠠᠢ ᠳᠣᠬᠢᠷᠠᠭᠣᠯᠣᠨ ᠂ ᠰᠤᠷᠲᠠᠯ ᠤᠬᠠᠭᠤᠯᠭ᠎ᠠ ᠂ ᠰᠤᠷᠤᠯᠴᠠᠯᠭ᠎ᠠ ᠂ ᠪᠣᠯᠪᠠᠰᠤᠷᠠᠯ ‍ᠤᠨ ᠠᠴᠢᠶᠠᠯᠠᠪᠤᠷᠢ ᠪᠠ ᠬᠡᠯᠪᠡᠷᠢ ᠶ᠋ᠢ ᠰᠢᠨᠡᠴᠢᠯᠡᠵᠦ ᠂ ᠪᠦᠬᠦ ᠨᠠᠮ ‍ᠤᠨ ᠭᠡᠰᠢᠭᠦᠳ ‍ᠢ ᠵᠣᠬᠢᠶᠠᠨ ᠪᠠᠶᠢᠭᠣᠯᠵᠣ ᠤᠭ ᠵᠣᠬᠢᠶᠠᠯ ‍ᠢ ᠨᠠᠷᠢᠨ ᠬᠢᠨᠠᠮᠠᠭᠠᠢ ᠣᠩᠰᠢᠨ ᠰᠤᠷᠤᠯᠴᠠᠵᠤ ᠂ ᠤᠭ ᠶᠣᠰᠣ ᠶ᠋ᠢ ᠣᠶᠢᠯᠠᠭᠠᠨ ᠂ ᠪᠦᠬᠦ ᠬᠣᠰᠢᠭᠤᠨ ‍ᠤ ᠨᠠᠮ ‍ᠤᠨ ᠭᠡᠰᠢᠭᠦᠨ ᠺᠠᠳ᠋ᠷ ‍ᠢ ᠳᠠᠶᠢᠴᠢᠯᠠᠵᠣ ᠦᠨᠡᠨᠬᠦ ᠰᠤᠷᠤᠯᠴᠠᠵᠤ ᠦᠨᠡᠨᠬᠦ ᠣᠶᠢᠯᠠᠭᠠᠨ ᠦᠨᠡᠨᠬᠦ ᠢᠲᠡᠭᠡᠵᠦ ᠦᠨᠡᠨᠬᠦ ᠬᠡᠷᠡᠭᠯᠡᠭᠦᠯᠬᠦ ᠬᠡᠷᠡᠭᠲᠡᠢ ᠃ 《 ᠳᠥᠷᠪᠡᠨ ᠤᠬᠠᠮᠰᠠᠷ 》 ‍ᠢ ᠴᠢᠨᠠᠭᠰᠢᠳᠠ ᠴᠢᠩᠭᠠᠳᠬᠠᠵᠤ ᠂ 《 ᠳᠥᠷᠪᠡᠨ ᠢᠲᠡᠭᠡᠯ 》 ‍ᠢ ᠪᠠᠲᠤᠳᠬᠠᠵᠤ ᠂ 《 ᠬᠣᠶᠠᠷ ‍ᠢ ᠬᠠᠮᠠᠭᠠᠯᠠᠬᠤ 》 ᠶ᠋ᠢ ᠪᠡᠶᠡᠯᠡᠬᠦᠯᠦᠨ ᠂ ᠦᠵᠡᠯ ᠰᠠᠨᠠᠭ᠎ᠠ ᠤᠯᠤᠰ ᠲᠥᠷᠥ ᠦᠢᠯᠡ ᠠᠵᠢᠯᠯᠠᠭ᠎ᠠ ᠶ᠋ᠢᠨ ᠲᠠᠯ᠎ᠠ ᠪᠠᠷ ᠰᠢ ᠶ᠋ᠢᠨ ᠫᠢᠩ ᠨᠥᠬᠥᠷ ‍ᠢᠶ᠋ᠡᠷ ᠭᠣᠣᠯ ᠪᠣᠯᠭᠠᠭᠰᠠᠨ ᠨᠠᠮ ‍ᠤᠨ ᠲᠥᠪ ᠬᠣᠷᠢᠶ᠎ᠠ ᠲᠠᠢ ᠲᠡᠭᠡᠳᠣ ᠬᠡᠮᠵᠢᠶ᠎ᠡ ᠪᠡᠷ ᠨᠢᠬᠡᠳᠴᠦ ᠂ ᠴᠢᠨᠡᠭᠡᠯᠢᠭ ᠨᠡᠶᠢᠭᠡᠮ ‍ᠢ ᠪᠦᠬᠦ ᠲᠠᠯ᠎ᠠ ᠪᠠᠷ ᠪᠡᠶᠡᠯᠡᠭᠦᠯᠬᠦ ᠰᠢᠢᠳᠪᠦᠷᠢᠲᠦ ᠢᠯᠠᠯᠲᠠ ᠶ᠋ᠢ ᠣᠯᠵᠣ ᠂ ᠰᠢᠨ᠎ᠡ ᠴᠠᠭ ᠦᠶ᠎ᠡ ᠶ᠋ᠢᠨ ᠳᠤᠮᠳᠠᠳᠤ ᠤᠯᠤᠰ ‍ᠤᠨ ᠣᠨᠴᠠᠯᠢᠭ ᠲᠠᠶ ᠨᠠᠶᠢᠭᠡᠮ ᠵᠢᠷᠤᠮ ‍ᠤᠨ ᠠᠭᠤᠤ ᠶᠡᠬᠡ ᠢᠯᠠᠯᠲᠠ ᠶ᠋ᠢ ᠲᠡᠮᠡᠴᠡᠨ ᠣᠯᠵᠣ ᠂ ᠳᠤᠮᠳᠠᠳᠤ ᠶ᠋ᠢᠨ ᠦᠨᠳᠦᠰᠦᠲᠡᠨ ‍ᠦ ᠠᠭᠤᠤ ᠶᠡᠬᠡ ᠰᠡᠷᠭᠦᠨ ᠮᠠᠨᠳᠤᠯᠲᠠ ᠶ᠋ᠢᠨ ᠳᠤᠮᠳᠠᠳᠤ ᠶ᠋ᠢᠨ ᠵᠡᠭᠦᠳᠦ ᠶ᠋ᠢ ᠲᠡᠷᠭᠡᠯᠰᠢᠭᠦᠯᠬᠦ ᠶ᠋ᠢᠨ ᠲᠥᠯᠥᠭᠡ ᠴᠥᠬᠥᠷᠡᠰᠢ ᠦᠭᠡᠢ ᠲᠡᠮᠡᠴᠡᠬᠦ ᠬᠡᠷᠡᠭᠲᠡᠢ ᠭᠡᠵᠡᠢ ᠃

ᠢᠷᠡᠯᠳᠡ᠄ ᠨᠠᠶᠢᠷᠠᠭᠤᠯᠤᠭᠴᠢ᠄ ᠰᠣᠮᠢᠶ᠎ᠠ

ᠬᠠᠮᠢᠶ᠎ᠡ ᠪᠦᠬᠦᠢ ᠰᠣᠨᠢᠨ